ᠮᠠᠨ ᠤ ᠣᠯᠣᠰ ᠪᠣᠯ ᠣᠯᠠᠨ ᠥᠨᠳᠥᠰᠥᠳᠡᠨ ᠲᠠᠢ ᠣᠯᠣᠰ ᠮᠥᠨ᠂ ᠥᠨᠳᠥᠰᠥᠳᠡᠨ ᠨᠦᠭᠦᠳ ᠤᠨ ᠠᠷᠠᠳ | ᠲᠥᠮᠡᠨ ᠨᠢᠭᠳᠠ ᠶᠠᠪᠣᠯᠴᠠᠵᠣ᠂ ᠬᠠᠷᠢᠯᠴᠡᠨ ᠲᠥᠰᠢᠭᠯᠡᠵᠣ ᠡᠭᠡ ᠣᠯᠣᠰ ᠢᠶᠠᠨ ᠬᠠᠮᠳᠣ ᠪᠠᠷ ᠪᠥᠳᠥᠭᠡᠨ ᠪᠠᠶᠢᠭᠤᠯᠵᠣ᠂ | ᠪᠥᠯᠬᠦᠮᠳᠡᠨ ᠲᠡᠮᠡᠴᠡᠬᠦ ᠶᠠᠪᠣᠴᠨ ᠳᠤ ᠡᠪᠳᠡᠷᠡᠰᠢ ᠥᠭᠡᠢ ᠴᠢᠰᠣ ᠮᠢᠬᠠᠨ ᠤ ᠬᠤᠯᠪᠣᠭᠠᠰᠣ ᠪᠠ ᠠᠬ᠎ᠠ ᠲᠡᠭᠦᠣ ᠶᠢᠨ | ᠨᠥᠭᠦᠷᠯᠡᠯ ᠢ ᠪᠠᠶᠢᠭᠤᠯᠣᠭᠰᠠᠨ ᠪᠠᠶᠢᠨ᠎ᠠ᠃ ᠡᠨᠡᠬᠦ ᠥᠨᠳᠥᠰᠥᠳᠡᠨ ᠤ ᠪᠥᠯᠬᠦᠮᠳᠡᠯ ᠤᠨ ᠰᠡᠳᠬᠢᠯᠭᠡ ᠶᠢ | ᠰᠣᠷᠣᠭᠴᠢᠳ ᠤᠨ ᠰᠡᠳᠬᠢᠯ ᠤᠨ ᠭᠥᠨ ᠥᠨᠳᠥᠰᠥᠯᠡᠬᠦᠯᠭᠦ ᠶᠢᠨ ᠲᠥᠯᠥᠬᠡ᠂ ᠨᠢᠬᠡᠳᠣᠭᠡᠷ ᠮᠠᠰᠢᠨ ᠤ ᠲᠠᠪᠣᠳᠣᠭᠠᠷ ᠪᠠᠭ᠎ᠠ | ᠰᠣᠷᠭᠠᠭᠤᠯᠢ ᠶᠢᠨ ᠬᠢᠨ ︽ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠤ ᠣᠬᠠᠮᠰᠠᠷ ᠢ ᠪᠠᠳᠣᠳᠬᠠᠬᠤ︾ | ᠥᠨᠳᠥᠰᠥᠳᠡᠨ ᠤ ᠪᠥᠯᠬᠦᠮᠳᠡᠯ ᠤᠨ ᠲᠣᠬᠠᠢ ᠰᠢᠯᠥᠭ ᠤᠨ ᠣᠷᠠᠨ ᠣᠩᠰᠢᠯᠭ᠎ᠠ ᠶᠢᠨ ᠣᠷᠣᠯᠳᠣᠭᠠᠨ ᠤ ᠠᠵᠢᠯᠯᠠᠭ᠎ᠠ ᠶᠢ | ᠥᠷᠨᠢᠬᠦᠯᠪᠠ᠃ | ᠣᠷᠣᠯᠴᠠᠭᠰᠠᠳ ᠤᠨ ᠣᠩᠰᠢᠯᠭ᠎ᠠ ᠨᠢ ᠬᠠᠩᠬᠢᠨᠠᠮ᠎ᠠ ᠭᠥᠴᠥᠳᠠᠢ᠂ ᠤᠶᠠᠨ ᠰᠠᠶᠢᠬᠠᠨ ᠨᠠᠷᠢᠨ ᠨᠢᠭᠲᠠ᠂ ᠪᠢᠯᠬᠠᠮ᠎ᠠ | ᠬᠠᠯᠠᠭᠤᠨ ᠰᠡᠳᠬᠢᠯᠭᠡ ᠲᠠᠢ ᠪᠠᠶᠢᠵᠣ᠂ ᠣᠷᠠᠨ ᠪᠥᠳᠥᠭᠡᠯ ᠤᠨ ᠬᠢᠨᠢ ᠭᠤᠣᠯ ᠰᠡᠳᠣᠪ ᠨᠢ ᠢᠯᠡ ᠲᠣᠳᠣ᠂ | ᠥᠨᠳᠥᠰᠥᠳᠡᠨ ᠤ ᠪᠥᠯᠬᠦᠮᠳᠡᠯ ᠢ ᠢᠯᠡᠷᠡᠭᠦᠯᠵᠣ᠂ ᠲᠣᠮᠳᠠᠳᠣ ᠶᠢᠨ ᠥᠨᠳᠥᠰᠥᠳᠡᠨ ᠤ ᠵᠣᠷᠢᠭ ᠰᠠᠨᠠᠭ᠎ᠠ ᠶᠢ | ᠬᠠᠷᠠᠭᠤᠯᠣᠭᠰᠠᠨ ᠪᠠᠶᠢᠨ᠎ᠠ᠃ ᠣᠷᠠᠨ ᠣᠩᠰᠢᠯᠭ᠎ᠠ ᠶᠢᠨ ᠥᠭᠡ ᠭᠡᠯᠨ ᠲᠣᠳᠣ ᠣᠨᠣᠪᠴᠢᠳᠠᠢ᠂ ᠲᠥᠷᠢ ᠪᠠᠶᠢᠳᠠᠯ ᠨᠢ | ᠡᠪᠯᠢᠭ᠂ ᠮᠠᠰᠢ ᠶᠡᠭᠡ ᠨᠥᠯᠥᠭᠡᠯᠡᠬᠦ ᠬᠥᠴᠥᠨ ᠲᠠᠢ ᠣᠷᠠᠨ ᠣᠩᠰᠢᠯᠭ᠎ᠠ ᠨᠢ ᠭᠥᠮᠣᠰ ᠢ ᠰᠣᠭᠳᠣᠷᠠᠭᠤᠯᠪᠠ᠃ | ᠲᠣᠰ ᠣᠳᠠᠭᠠᠨ ᠤ ᠥᠨᠳᠥᠰᠥᠳᠡᠨ ᠤ ᠪᠥᠯᠭᠦᠮᠳᠡᠯ ᠤᠨ ᠣᠷᠠᠨ ᠣᠩᠰᠢᠯᠭ᠎ᠠ ᠶᠢᠨ ᠠᠵᠢᠯᠯᠠᠭ᠎ᠠ ᠨᠢ ᠴᠤᠭ | ᠪᠠᠳᠠᠷᠠᠩᠭᠤᠢ᠂ ᠥᠭᠡᠳᠡᠯᠡᠨ ᠲᠠᠪᠰᠢᠬᠤ ᠵᠣᠷᠢᠭ ᠰᠠᠨᠠᠭᠠᠨ ᠤ ᠲᠥᠷᠰᠣ ᠪᠠᠶᠢᠳᠠᠯ ᠢ ᠢᠯᠡᠷᠡᠭᠦᠯᠵᠣ᠂ ᠥᠨᠳᠥᠰᠥᠳᠡᠨ ᠤ | ᠪᠥᠯᠭᠦᠮᠳᠡᠯ ᠤᠨ ᠴᠡᠴᠡᠭ ᠢ ᠰᠣᠷᠣᠭᠴᠢ ᠨᠢᠬᠡᠪᠣᠷᠢ ᠶᠢᠨ ᠰᠡᠳᠬᠢᠯ ᠳᠤ ᠴᠡᠴᠡᠭᠯᠡᠬᠦᠯᠥᠭᠰᠡᠨ ᠪᠠᠶᠢᠨ᠎ᠠ᠃ |