︽ᠭᠤᠸ᠎ᠠ ᠰᠠᠶᠢᠬᠠᠨ ᠤ ᠭᠥᠮᠥᠵᠢᠯ ᠤᠨ ᠥᠵᠡᠯ ᠰᠠᠨᠠᠭ᠎ᠠ ᠣᠯᠣᠰ ᠲᠥᠷᠣ︾ ᠶᠢᠨ ᠰᠢᠨ᠎ᠡ ᠵᠡᠭ᠌ᠪᠣᠷ ᠤᠨ ᠬᠢᠴᠢᠶᠡᠯ ᠢ ᠥᠷᠨᠢᠬᠦᠯᠪᠠ
ᠨᠡᠶᠢᠲᠡᠯᠡᠭᠰᠡᠨ ᠴᠠᠭ᠄
2023/6/5
      ᠥᠨᠳᠥᠰᠥᠳᠡᠨ ᠤ ᠪᠥᠯᠬᠦᠮᠳᠡᠯ ᠤᠨ ᠪᠠᠶᠢᠭᠤᠯᠣᠯᠳᠠ ᠶᠢ ᠥᠷᠭᠦᠯᠵᠢᠯᠡᠨ ᠠᠬᠢᠭᠤᠯᠬᠤ ᠶᠢᠨ ᠲᠥᠯᠥᠭᠡ᠂ ᠣᠮᠠᠷᠠᠳᠣ ᠶᠢᠨ ᠭᠥᠨᠳᠣ ᠠᠵᠣ ᠥᠢᠯᠡᠳᠪᠣᠷᠢ ᠶᠢᠨ ᠵᠢᠷᠭᠤᠳᠣᠭᠠᠷ ᠪᠠᠭ᠎ᠠ ᠰᠣᠷᠭᠠᠭᠤᠯᠢ ᠶᠢᠨ ᠬᠢᠨ ᠣᠷᠠᠨ ᠵᠢᠷᠤᠭ ᠤᠨ ᠬᠢᠴᠢᠶᠡᠯ ᠳᠤ ᠲᠥᠰᠢᠭᠯᠡᠨ᠂ ᠥᠵᠡᠯ ᠰᠠᠨᠠᠭ᠎ᠠ ᠣᠯᠣᠰ ᠲᠥᠷᠣ ᠶᠢᠨ ᠬᠥᠮᠥᠵᠢᠯ ᠲᠠᠢ ᠠᠭᠤᠰᠣᠯᠴᠠᠭᠤᠯᠵᠣ᠂ ᠴᠠᠭᠠᠰᠣᠨ ᠬᠠᠶᠢᠴᠢᠯᠡᠮᠠᠯ ᠤᠨ ᠣᠷᠠᠯᠢᠭ ᠤᠨ ᠬᠢᠴᠢᠶᠡᠯ ᠢ ᠬᠥᠨᠵᠡᠬᠡᠢ ᠥᠷᠨᠢᠬᠦᠯᠪᠠ᠃ ᠬᠢᠴᠢᠶᠡᠯ ᠨᠢ ︽ᠭᠤᠷᠪᠠᠨ ᠮᠢᠩᠭᠠᠨ ᠥᠨᠥᠴᠢᠨ ᠭᠡᠣᠭᠡᠳ ᠢ ᠥᠪᠥᠷ ᠮᠣᠩᠭᠤᠯ ᠲᠡᠳᠭᠦᠭᠰᠡᠨ︾ ᠥᠯᠢᠬᠡᠷ ᠤᠨ ᠲᠣᠭᠤᠷᠢᠨ ᠳᠤ ᠴᠠᠭᠠᠰᠣᠨ ᠬᠠᠶᠢᠴᠢᠯᠠᠮᠠᠯ ᠤᠨ ᠵᠢᠷᠤᠭ ᠲᠥᠯᠥᠪᠯᠡᠭᠡ ᠬᠢᠬᠡᠳ ᠬᠠᠶᠢᠴᠢᠯᠠᠮᠠᠯ  ᠢᠶᠠᠨ ᠡᠬᠢᠯᠡᠬᠦᠯᠪᠠ᠃      ᠬᠢᠴᠢᠶᠡᠯ ᠤᠨ ᠲᠠᠩᠬᠢᠮ ᠳᠤ᠂ ᠬᠠᠰᠠᠭ ᠲᠡᠷᠭᠡ᠂ ᠮᠣᠩᠭᠤᠯ ᠭᠡᠷ᠂ ᠮᠣᠩᠭᠤᠯ ᠲᠡᠷᠯᠢᠭ᠂ ᠰᠣᠷᠣᠭᠴᠢᠳ ᠲᠣᠭᠤᠶᠢᠯᠠᠩ ᠤᠨ ᠬᠠᠮᠳᠣᠷᠠᠯᠴᠠᠭ᠎ᠠ ᠶᠢᠨ ᠭᠡᠯᠪᠡᠷᠢ ᠪᠠᠷ ᠵᠢᠷᠣᠵᠣ ᠲᠥᠯᠥᠪᠯᠡᠨ ᠬᠠᠶᠢᠴᠢᠯᠠᠵᠣ᠂ ᠴᠠᠭᠠᠰᠣᠨ ᠬᠠᠶᠢᠴᠢᠯᠠᠮᠠᠯ  ᠨᠢ ᠲᠠᠯ᠎ᠠ ᠨᠣᠳᠤᠭ ᠤᠨ ᠥᠭᠡᠷ ᠬᠤᠨᠢᠨ ᠤ ᠲᠥᠷᠢ ᠲᠥᠷᠬᠦ᠂ ᠥᠨᠳᠥᠰᠥᠳᠡᠨ ᠤ ᠬᠤᠪᠴᠠᠰᠣ ᠵᠠᠰᠠᠯ ᠤᠨ ᠣᠨᠴᠠᠯᠢᠭ ᠵᠡᠷᠭᠡ ᠠᠭᠤᠯᠭ᠎ᠠ ᠶᠢ ᠲᠣᠪᠣᠶᠢᠯᠭᠠᠪᠠ᠃ ᠵᠣᠬᠢᠶᠠᠨ ᠪᠥᠳᠥᠭᠡᠬᠦ ᠶᠠᠪᠣᠴᠨ ᠳᠤ ᠰᠣᠷᠣᠭᠴᠢᠳ ᠪᠣᠳᠣᠯ ᠰᠠᠨᠠᠯ ᠢᠶᠠᠨ ᠲᠠᠰᠣᠷᠠᠯᠳᠠ ᠥᠭᠡᠢ ᠬᠤᠪᠢᠶᠠᠯᠴᠡᠨ᠂ ᠲᠣᠷᠥᠭᠳᠡᠯ ᠢᠶᠠᠨ ᠰᠣᠯᠢᠯᠴᠠᠵᠣ᠂ ᠥᠢᠯᠡᠳᠣᠯᠭᠡ ᠶᠢᠨ ᠵᠣᠬᠢᠶᠠᠨ ᠪᠥᠳᠥᠭᠡᠬᠦ ᠭᠡᠯᠪᠡᠷᠢ ᠪᠠᠷ ᠣᠯᠠᠮᠵᠢᠯᠠᠯᠳᠣ ᠰᠣᠶᠣᠯ ᠬᠢᠬᠡᠳ ᠥᠨᠳᠥᠰᠥᠳᠡᠨ ᠤ ᠪᠥᠯᠬᠦᠮᠳᠡᠯ ᠤᠨ ᠵᠣᠷᠢᠭ ᠰᠠᠨᠠᠭᠠᠨ ᠤ ᠮᠥᠷᠬᠦᠯᠳᠣᠯ ᠢ ᠣᠶᠢᠯᠠᠭᠠᠭᠰᠠᠨ ᠪᠠᠶᠢᠨ᠎ᠠ᠃      ᠪᠥᠬᠦᠶᠢᠯᠡ ᠬᠢᠴᠢᠶᠡᠯ ᠤᠨ ᠲᠠᠩᠬᠢᠮ ᠳᠤ᠂ ᠪᠠᠭᠰᠢ ᠠᠴᠠ ︽ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠠ ᠶᠢᠨ ᠣᠬᠠᠮᠰᠠᠷ ᠢ ᠪᠠᠳᠣᠳᠬᠠᠣ︾ ᠭᠤᠣᠯ ᠰᠡᠳᠣᠪ ᠲᠠᠢ ᠠᠪᠣᠴᠠᠯᠳᠣᠭᠤᠯᠣᠨ᠂ ᠥᠨᠳᠥᠰᠥᠳᠡᠨ ᠤ ᠪᠥᠯᠬᠦᠮᠳᠡᠯ ᠢᠶᠠᠷ ᠭᠤᠣᠯ ᠰᠢᠵᠢᠮ ᠪᠣᠯᠭᠠᠵᠣ᠂ ᠰᠣᠷᠣᠭᠴᠢᠳ ᠢ ᠬᠠᠪᠰᠣᠷᠣᠨ ᠵᠢᠷᠭᠠᠯ ᠵᠣᠪᠠᠯᠠᠩ ᠢᠶᠠᠨ ᠬᠠᠮᠳᠣᠳᠬᠠᠬᠤ᠂ ᠢᠷᠠᠭᠤ ᠠᠯᠳᠠᠷ ᠢᠴᠢᠭᠦᠷᠢ ᠭᠤᠲᠤᠮᠰᠢᠭ ᠢᠶᠠᠨ ᠬᠠᠮᠲᠤᠳᠬᠠᠬᠤ᠂ ᠦᠬᠦᠵᠦ ᠰᠡᠬᠡᠬᠦ ᠪᠠᠨ ᠬᠠᠮᠲᠤᠳᠬᠠᠬᠤ᠂ ᠬᠤᠪᠢ ᠵᠠᠶᠠᠭ᠎ᠠ ᠪᠠᠨ ᠬᠠᠮᠲᠤᠳᠬᠠᠬᠤ ᠬᠠᠮᠳᠣ ᠶᠢᠨ ᠴᠣᠭᠴᠠ ᠶᠢᠨ ᠣᠶᠢᠯᠠᠭᠠᠭᠳᠠᠬᠤᠨ ᠢ  ᠪᠣᠢ ᠪᠣᠯᠭᠠᠪᠠ᠃
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号