ᠴᠢᠩᠱᠠᠨ ᠲᠣᠭᠤᠷᠢᠭ ᠤᠨ 2 ᠲᠥᠷᠥᠯ ᠵᠦᠶᠯ ᠥᠪᠡᠷᠲᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠠᠨᠢᠯᠴᠠᠭᠤᠯᠭ᠎ᠠ ᠶᠢᠨ ᠨᠡᠷᠡᠰ ᠲᠤ ᠰᠣᠩᠭᠤᠭᠳᠠᠪᠠ
ᠨᠡᠶᠢᠲᠡᠯᠡᠭᠰᠡᠨ ᠴᠠᠭ᠄
2022/9/5
7066836_副本.jpg   
      ᠣᠶᠢᠷ᠎ᠠ ᠳᠤ᠂ ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ ᠳᠣᠯᠣᠳᠤᠭᠠᠷ  ᠪᠦᠯᠦᠭ ᠤᠨ ᠥᠪᠡᠷᠲᠡᠭᠡᠨ ᠵᠠᠰᠠᠬᠤ ᠣᠷᠣᠨ ᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ  ᠴᠢᠨᠠᠷᠲᠠᠶ ᠲᠥᠷᠥᠯ ᠵᠦᠶᠯ ᠤᠨ ᠲᠠᠨᠢᠯᠴᠠᠭᠤᠯᠭ᠎ᠠ ᠶᠢᠨ ᠨᠡᠷᠡᠰ ᠢ ᠨᠡᠶᠢᠲᠡᠯᠡᠵᠦ᠂ ᠴᠢᠩᠱᠠᠨ ᠲᠣᠭᠤᠷᠢᠭ ᠤᠨ  ᠮᠡᠳᠡᠭᠦᠯᠦᠭᠰᠡᠨ 2 ᠲᠦᠷᠦᠯ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠷᠥᠯ ᠵᠦᠶᠯ— ᠰᠢᠬᠢᠷ ᠤᠨ  ᠱᠤᠭᠤᠮᠠᠯ ᠪᠠ ᠳ᠋ᠠ ᠹᠦ᠋ ᠯᠢᠨ ᠪᠤᠤᠰᠠ ᠦᠶᠯᠡᠳᠬᠦ ᠤᠷ᠎ᠠ ᠮᠡᠷᠭᠡᠵᠢᠯ ᠤᠨ ᠲᠥᠷᠥᠯ ᠵᠦᠶᠯ ᠠᠮᠵᠢᠯᠲᠠ ᠲᠠᠢ  ᠰᠣᠩᠭᠤᠭᠳᠠᠪᠠ᠃

t01cac275ca19a05efe.jpg   

     

     ᠰᠢᠬᠢᠷ ᠤᠨ ᠱᠤᠭᠤᠮᠠᠯ ᠪᠣᠯ ᠤᠯᠠᠮᠵᠢᠯᠠᠯᠲᠤ ᠳᠤᠮᠳᠠᠳᠤ ᠤᠯᠤᠰ ᠤᠨ ᠠᠷᠠᠳ ᠤᠨ ᠳᠤᠮᠳᠠᠬᠢ ᠱᠤᠭᠤᠮᠠᠯ ᠤᠨ 

ᠨᠢᠭᠡᠨ ᠣᠨᠴᠠᠭᠠᠶ ᠲᠥᠷᠥᠯ ᠵᠦᠢᠯ ᠪᠣᠯᠤᠨ᠎ᠠ᠂ ᠭᠤᠣᠯᠳᠠᠭᠤ ᠰᠢᠬᠢᠷ ᠤᠨ ᠱᠤᠭᠤᠵᠤ ᠪᠣᠯᠬᠤ ᠣᠨᠴᠠᠯᠢᠭ ᠢ ᠠᠰᠢᠭᠯᠠᠨ 

ᠦᠢᠯᠡᠳᠴᠦ ᠪᠦᠲᠦᠭᠡᠳᠡᠭ᠃ ᠰᠢᠬᠢᠷ ᠤᠨ ᠱᠤᠭᠤᠮᠠᠯ ᠡᠮᠦᠨᠡᠲᠦ ᠤᠮᠠᠷᠠᠲᠤ ᠶᠢᠨ ᠡᠯ᠎ᠡ ᠭᠠᠵᠠᠷ ᠲᠤ ᠲᠠᠷᠬᠠᠵᠤ᠂ 

ᠥᠷᠭᠡᠨ ᠳᠡᠯᠭᠡᠷ ᠣᠯᠠᠨ ᠲᠦᠮᠡᠨ ᠤ ᠰᠠᠭᠤᠷᠢ ᠲᠠᠢ᠂ ᠡᠯᠪᠡᠭ ᠪᠠᠶᠠᠯᠢᠭ ᠡᠭᠡᠯ ᠬᠠᠷᠠᠴᠤ ᠶᠢᠨ ᠰᠣᠶᠣᠯ ᠤᠨ 

ᠠᠭᠤᠯᠤᠭᠳᠠᠬᠤᠨ ᠢ ᠬᠤᠷᠠᠮᠳᠤᠭᠤᠯᠵᠤ ᠪᠠᠶᠢᠳᠠᠭ᠃ ᠰᠢᠬᠢᠷ ᠤᠨ ᠱᠤᠭᠤᠮᠠᠯ ᠢ ᠪᠤᠭᠤᠲᠤ ᠳᠤ ᠶᠡᠷᠦ ᠳᠡᠭᠡᠨ 《 ᠰᠢᠬᠢᠷ 

ᠬᠦᠮᠦᠨ ᠦᠯᠢᠶᠡᠬᠦ》ᠭᠡᠳᠡᠭ᠂ ᠲᠡᠬᠦᠨ ᠤ ᠲᠡᠦᠬᠡ ᠶᠢ ᠴᠢᠩ ᠤᠯᠤᠰ ᠤᠨ ᠰᠡᠭᠦᠯᠴᠢ ᠶᠢᠨ ᠦᠶ᠎ᠡ ᠬᠦᠷᠲᠡᠯ᠎ᠡ 

ᠮᠥᠷᠳᠡᠵᠦ ᠪᠣᠯᠤᠨ᠎ᠠ᠂ ᠾᠧᠨᠠᠨ ᠨᠤᠲᠤᠭ ᠲᠠᠢ ᠤᠷᠠᠯᠢᠭᠴᠢᠨ ᠠᠴᠠ ᠤᠯᠠᠮᠵᠢᠯᠠᠭᠳᠠᠵᠤ ᠠᠳᠡ  ᠬᠦᠷᠦᠭᠰᠡᠡ ᠪᠠᠶᠢᠨ᠎ᠠ᠃

ᠴᠢᠮᠬᠢᠬᠦ᠂ ᠨᠠᠭᠠᠬᠤ᠂ ᠬᠠᠶᠢᠴᠢᠯᠠᠬᠤ᠂ ᠦᠯᠢᠶᠡᠬᠦ᠂  ᠨᠤᠬᠤᠬᠤ᠂ ᠴᠢᠩᠭᠠᠭᠠᠬᠤ᠂ ᠳᠠᠷᠤᠬᠤ᠂ ᠲᠠᠲᠠᠬᠤ᠂ 

ᠬᠤᠳᠬᠤᠬᠤ᠂ ᠢᠯᠢᠬᠦ ᠵᠡᠷᠭᠡ ᠦᠶᠯᠡᠳᠬᠦ ᠠᠷᠭ᠎ᠠ ᠪᠠᠷᠢᠯ ᠵᠢᠴᠢ ᠵᠢᠷᠤᠬᠤ᠂ ᠪᠤᠳᠤᠬᠤ᠂ ᠴᠢᠮᠡᠬᠦ᠂  ᠴᠢᠴᠢᠬᠦ᠂ 

ᠬᠠᠳᠬᠤᠬᠤ ᠵᠡᠷᠭᠡ ᠴᠢᠮᠡᠭᠯᠡᠬᠦ ᠠᠷᠭ᠎ᠠ ᠪᠠᠷᠢᠯ ᠢᠶᠠᠷ ᠪᠦᠲᠦᠭᠡᠯ ᠢᠶᠠᠨ ᠪᠦᠲᠦᠭᠡᠵᠦ᠂ ᠳᠦᠷᠰᠦ ᠪᠦᠲᠦᠭᠡᠯᠲᠡ ᠨᠢ 

ᠳᠠᠪᠠᠭᠤᠯᠤᠯ ᠶᠡᠬᠡᠲᠡᠶ᠂ ᠥᠩᠭᠡ ᠪᠤᠳᠤᠭ ᠨᠢ  ᠬᠤᠷᠴᠠ ᠳᠤᠳᠣ᠂ ᠤᠯᠠᠮᠵᠢᠯᠠᠯᠲᠤ ᠰᠡᠳᠦᠪᠯᠡᠬᠦᠨ ᠨᠢ ᠬᠥᠮᠦᠨ 

ᠠᠷᠢᠶᠠᠲᠠᠨ᠂ ᠴᠡᠴᠡᠭ ᠰᠢᠪᠠᠭᠤ ᠵᠢᠭᠠᠰᠤ ᠬᠤᠷᠣᠬᠠᠶ ᠵᠡᠷᠭᠡ ᠪᠠᠷ ᠭᠤᠤᠯᠯᠠᠳᠠᠭ᠃

t0144797338af1bd6bb.jpg

      ᠳ᠋ᠠ ᠹᠦ᠋ ᠯᠢᠨ ᠪᠤᠤᠰᠠ ᠬᠢᠬᠦ ᠮᠡᠷᠭᠡᠵᠢᠯ ᠨᠢ ᠲᠢᠶᠠᠨᠵᠢᠨ ᠤ ᠨᠠᠷᠠᠲᠤ ᠪᠣᠭᠤᠷᠰᠤᠭ ᠤᠨ ᠫᠦᠰᠡ 《 ᠹᠦ᠋ ᠯᠢᠨ 

ᠰᠢᠶᠠᠩ 》 ᠠᠴᠠ ᠢᠷᠡᠯᠲᠡ ᠲᠠᠢ᠂ 1956 ᠣᠨ ᠳᠤ ᠲᠥᠷᠥ ᠶᠢᠨ ᠶᠠᠪᠤᠳᠠᠯ ᠤᠨ ᠬᠤᠷᠢᠶᠠᠨ ᠤ ᠬᠢᠯᠢ ᠬᠢᠵᠠᠭᠠᠷ 

 ᠤᠨ ᠪᠥᠲᠥᠭᠡᠨ ᠪᠠᠶᠢᠭᠤᠯᠤᠯᠲᠠ ᠶᠢ ᠳᠡᠮᠵᠢᠬᠦ ᠤᠷᠢᠶᠠᠯᠠᠭ᠎ᠠ ᠶᠢ ᠴᠤᠤᠷᠢᠶᠠᠲᠤᠨ ᠳᠠᠭᠠᠵᠤ᠂ ᠴᠢᠩᠱᠠᠠ ᠲᠣᠭᠤᠷᠢᠭ ᠲᠤ  

ᠡᠬᠦᠳᠠ ᠨᠡᠬᠡᠬᠡᠨ ᠡᠷᠦᠬᠡ ᠰᠡᠬᠦᠵᠤ᠂ ᠣᠲᠣ ᠠᠴᠠ ᠵᠠᠭᠤᠨ ᠵᠢᠯ ᠤᠨ ᠲᠡᠦᠬᠡ ᠲᠠᠢ ᠪᠣᠯᠵᠠᠶ᠃ ᠳ᠋ᠠ ᠹᠦ᠋ ᠯᠢᠨ ᠪᠤᠤᠰᠠ 

 ᠨᠢ《 ᠪᠤᠭᠤᠲᠤ ᠬᠤᠲᠠ ᠶᠢᠨ ᠨᠠᠷᠠᠲᠤ ᠲᠥᠬᠦᠮ ᠢᠳᠡᠭᠡᠨ 》 ᠢᠶᠠᠷ ᠦᠨᠡᠯᠡᠭᠳᠡᠵᠦ᠂ ᠳ᠋ᠠ ᠹᠦ᠋ ᠯᠢᠨ ᠬᠤᠭᠤᠯᠠᠨ ᠬᠡᠷ 

 ᠨᠢ ᠨᠠᠩ ᠴᠤ ᠤᠯᠤᠰ ᠤᠨ ᠳᠣᠲᠣᠭᠠᠳᠤ ᠶᠢᠨ ᠠᠷᠠᠯᠵᠢᠶᠠᠨ ᠤ ᠶᠠᠮᠤᠨ ᠠᠴᠠ《 ᠳᠤᠮᠳᠠᠳᠤ ᠶᠢᠨ ᠬᠠᠭᠤᠴᠢᠨ ᠨᠠᠷᠠᠲᠤ 

ᠲᠡᠮᠳᠡᠭᠲᠦ 》 ᠪᠠᠷ ᠦᠨᠡᠯᠡᠭᠳᠡᠵᠡᠢ᠃ ᠳ᠋ᠠ ᠹᠦ᠋ ᠯᠢᠨ ᠪᠤᠤᠰᠠ ᠶᠢᠨ  ᠮᠠᠲ᠋ᠧᠷᠢᠶᠠᠯ ᠰᠣᠩᠭᠤᠬᠤ ᠪᠠ ᠬᠢᠬᠦ ᠤᠷ᠎ᠠ 

ᠮᠡᠷᠭᠡᠵᠢᠯ ᠨᠢ ᠶᠡᠭᠡ ᠤᠯᠠᠨ ᠡᠷᠬᠢᠮᠯᠡᠬᠦ ᠵᠦᠢᠯ ᠪᠠᠶᠢᠳᠠᠭ᠂ ᠭᠤᠤᠯᠳᠠᠭᠤ ᠢᠳᠡᠭᠡ ᠵᠢᠭᠤᠷᠠᠬᠤ᠂ ᠭᠤᠯᠢᠷ ᠵᠢᠭᠤᠷᠠᠬᠤ᠂ 

ᠨᠠᠶᠢᠷᠠᠯᠭ᠎ᠠ ᠬᠢᠬᠦ᠂  ᠬᠠᠯᠢᠰᠦ ᠨᠢᠮᠭᠡᠯᠡᠬᠦ᠂ ᠪᠠᠷᠢᠬᠤ᠂ ᠵᠢᠩᠨᠡᠬᠦ ᠵᠡᠷᠭᠡ ᠵᠢᠷᠭᠤᠭᠠᠨ ᠶᠡᠭᠡ ᠠᠵᠢᠯ ᠤᠨ ᠳᠠᠷᠠᠭᠠᠯᠠᠯ ᠲᠠᠢ᠃

5241353c7a6b655b64c40aaca7ee876_副本.jpg

      ᠣᠶᠢᠷ᠎ᠠ ᠶᠢᠨ ᠵᠢᠯ ᠤᠨ ᠲᠤᠷᠰᠢ᠂ ᠴᠢᠩᠱᠠᠨ ᠲᠣᠭᠤᠷᠢᠭ ᠬᠠᠮᠠᠭᠠᠯᠠᠬᠤ ᠪᠠᠷ ᠭᠤᠤᠯ ᠪᠣᠯᠭᠠᠬᠤ᠂ ᠠᠪᠤᠷᠬᠠᠤ ᠶᠢ 

ᠲᠡᠷᠢᠭᠦᠨ ᠳᠤ ᠲᠠᠯᠪᠢᠬᠤ᠂ ᠵᠦᠶ ᠵᠣᠬᠢᠰᠲᠠᠶ ᠠᠰᠢᠭᠯᠠᠬᠤ᠂ ᠤᠯᠠᠮᠵᠢᠯᠠᠨ ᠬᠥᠭᠵᠢᠭᠦᠯᠬᠦ ᠠᠵᠢᠯ ᠤᠨ ᠴᠢᠭᠯᠡᠯᠲᠡ ᠶᠢ 

ᠨᠠᠷᠢᠨ ᠬᠢᠨᠠᠮᠠᠭᠠᠶ ᠲᠤᠭᠤᠰᠢᠯᠠᠭᠤᠯᠵᠤ᠂ ᠪᠣᠳᠠᠰ ᠤᠨ ᠪᠤᠰᠤ ᠰᠣᠶᠣᠯ ᠤᠨ ᠥᠪ ᠢ ᠬᠠᠮᠠᠭᠠᠯᠠᠬᠤ᠂ ᠬᠠᠮᠢᠶᠠᠷᠬᠤ ᠪᠠ 

ᠠᠰᠢᠭᠯᠠᠬᠤ ᠠᠵᠢᠯ ᠢ ᠯᠠᠪᠳᠠᠭᠤᠨ ᠪᠠᠲᠤᠲᠠᠶ ᠰᠠᠶᠢᠲᠤᠷ ᠬᠢᠭᠰᠡᠬᠡᠷ ᠢᠷᠠᠵᠠᠢ᠃ ᠣᠳᠣᠬᠠᠨ ᠪᠣᠯᠲᠠᠯ᠎ᠠ᠂ ᠲᠣᠰ 

ᠲᠣᠭᠤᠷᠢᠭ ᠲᠤ ᠨᠡᠶᠢᠲᠡ 4 ᠥᠪᠡᠷᠲᠡᠭᠡᠨ ᠵᠠᠰᠠᠬᠤ ᠣᠷᠣᠨ ᠤ ᠲᠠᠰ ᠤᠨ ᠲᠥᠷᠥᠯ ᠵᠦᠶᠯ᠂ 13 ᠬᠤᠲᠠ ᠶᠢᠨ ᠲᠠᠰ 

 ᠤᠨ ᠲᠥᠷᠥᠯ ᠵᠦᠶᠯ ᠪᠠ 20 ᠴᠢᠩᠱᠠᠨ ᠲᠣᠭᠤᠷᠢᠭ ᠤᠨ ᠲᠠᠰ ᠤᠨ ᠲᠥᠷᠥᠯ ᠵᠦᠶᠯ ᠪᠣᠶ᠃

 

 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号