| | | ᠰᠢᠬᠢᠷ ᠤᠨ ᠱᠤᠭᠤᠮᠠᠯ ᠢ ᠶᠡᠷᠦᠳᠡ ᠶᠢᠨ ᠬᠡᠯᠡᠯᠭᠡ ᠳᠤ《ᠰᠢᠭᠢᠷ ᠦᠯᠢᠶᠡᠵᠦ ᠬᠡᠦᠭᠡᠯᠳᠡᠢ ᠱᠤᠭᠤᠬᠤ》ᠬᠡᠵᠦ᠂ | ᠮᠢᠩ ᠤᠯᠤᠰ ᠤᠨ ᠰᠡᠭᠦᠯᠴᠢ ᠴᠢᠩ ᠤᠯᠤᠰ ᠤᠨ ᠡᠬᠢᠨ ᠤ ᠦᠶ᠎ᠡ ᠡᠭᠦᠳᠦᠭᠰᠡᠨ ᠪᠠᠶᠢᠨ᠎ᠠ᠃ ᠰᠢᠬᠢᠷ ᠤᠨᠱᠤᠭᠤᠮᠠᠯ | ᠬᠢᠬᠦ ᠳᠤ ᠴᠠᠭᠠᠨ ᠰᠢᠭᠢᠷ᠂ ᠮᠦᠰᠦᠨ ᠰᠢᠭᠢᠷ᠂ ᠪᠤᠭᠤᠳᠠᠢ ᠶᠢᠨ ᠰᠢᠬᠢᠷ᠂ ᠢᠳᠡᠭᠡᠨ ᠤ ᠲᠤᠰᠤ᠂ ᠭᠤᠯᠢᠷ᠂ ᠢᠳᠡᠰᠢᠨ ᠳᠤ | ᠬᠡᠷᠡᠭᠯᠡᠬᠦ ᠪᠠᠶᠢᠭᠠᠯᠢ ᠶᠢᠨ ᠪᠤᠳᠤᠭᠳᠤ ᠡᠳ᠋᠂ ᠤᠰᠤ ᠵᠡᠷᠭᠡ ᠲᠦᠭᠦᠭᠡᠢ ᠮᠠᠲ᠋ᠧᠷᠢᠶᠠᠯ ᠢ ᠵᠤᠬᠢᠬᠤ ᠬᠠᠷᠢᠴᠠᠯ ᠢᠶᠠᠷ | ᠬᠤᠯᠢᠯᠳᠠᠭᠤᠯᠤᠨ᠂ ᠲᠤᠭᠤᠭᠠᠨ ᠳᠤ ᠬᠢᠵᠦ ᠰᠢᠭᠢᠷ ᠤᠨ ᠡᠭᠡᠳᠡᠮᠡᠯ ᠪᠤᠯᠳᠠᠯ᠎ᠠ ᠪᠤᠴᠠᠯᠭᠠᠭᠰᠠᠨ ᠤ ᠲᠠᠷᠠᠭ᠎ᠠ ᠬᠡᠷᠡᠭᠰᠡᠬᠦ | ᠪᠤᠳᠤᠭᠳᠤ ᠡᠳ᠋ ᠢᠶᠠᠨ ᠬᠢᠵᠦ ᠤᠷᠤᠭᠤᠯᠤᠨ᠎ᠠ᠃ ᠰᠢᠭᠢᠷ ᠦᠯᠢᠶᠡᠵᠦ ᠬᠡᠦᠭᠡᠯᠳᠡᠢ ᠱᠤᠭᠤᠬᠤ ᠳᠤ ᠰᠢᠬᠢᠷ ᠤᠨ ᠡᠭᠡᠳᠡᠮᠡᠯ | ᠤᠨ ᠬᠠᠯᠠᠭᠤᠨ ᠢ ᠠᠮᠵᠢᠨ᠂ ᠪᠤᠰᠢᠭᠤ ᠲᠦᠷᠭᠡᠨ ᠠᠵᠢᠯᠯᠠᠵᠤ᠂ ᠬᠤᠶᠠᠷ ᠭᠠᠷ ᠤᠨ ᠬᠤᠳᠬᠤᠬᠤ᠂ ᠴᠢᠩᠭᠠᠭᠠᠬᠤ᠂ | ᠨᠤᠬᠤᠬᠤ᠂ ᠲᠠᠷᠤᠬᠤ᠂ ᠲᠠᠳᠠᠬᠤ᠂ ᠡᠮᠬᠦᠬᠦ᠂ ᠦᠯᠢᠶᠡᠬᠦ᠂ ᠴᠢᠮᠬᠢᠬᠦ᠂ ᠲᠠᠬᠢᠨ ᠲᠠᠳᠠᠬᠤ ᠵᠡᠷᠭᠡ ᠬᠦᠳᠡᠯᠦᠯ ᠢᠶᠠᠷ ᠲᠠᠮᠵᠢᠨ | ᠲᠦᠷᠢ ᠪᠦᠳᠦᠭᠡᠵᠦ᠂ ᠪᠦᠳᠦᠭᠡᠯ ᠢᠶᠠᠨ ᠨᠢᠭᠡ ᠯᠡ ᠠᠮᠢᠰᠬᠤᠭ᠎ᠠ ᠪᠠᠷ ᠪᠦᠳᠦᠭᠡᠬᠦ ᠪᠤᠶᠤ᠂ ᠡᠰᠡᠭᠦᠯ᠎ᠡ ᠵᠠᠭᠪᠤᠷ ᠲᠤ | ᠴᠢᠳᠬᠤᠵᠤ ᠬᠡᠢ ᠦᠯᠢᠶᠡᠵᠦ ᠭᠡᠯᠪᠡᠷᠢ ᠪᠦᠳᠦᠬᠡᠨ ᠠᠮᠢᠳᠤᠯᠢᠭ ᠰᠠᠶᠢᠬᠠᠨ ᠪᠦᠳᠦᠭᠡᠯ ᠢ ᠱᠤᠭᠤᠵᠤ ᠭᠠᠷᠭᠠᠳᠠᠭ᠃ | ᠪᠤᠭᠤᠳᠤ ᠤᠷᠤᠨ ᠤ ᠰᠢᠬᠢᠷ ᠤᠨ ᠱᠤᠭᠤᠮᠠᠯ ᠤᠨ ᠤᠷᠠᠯᠢᠭ ᠨᠢ ᠠᠷᠠᠳ ᠤᠨ ᠤᠷᠠᠯᠢᠭᠴᠢᠨ ᠯᠢ ᠪᠦ᠋ ᠯᠠᠢ ᠠᠴᠠ | ᠲᠠᠮᠵᠢᠨ ᠤᠯᠠᠮᠵᠢᠯᠠᠭᠳᠠᠪᠠ᠃ ᠲᠡᠷᠡ 1968 ᠤᠨ ᠳᠤ ᠾᠧᠨᠠᠨ ᠤ ᠱᠧᠨ ᠴᠢᠦ ᠠᠴᠠ ᠡᠬᠡ ᠡᠴᠢᠭᠡ ᠪᠠᠨ ᠲᠠᠭᠠᠵᠤ | ᠪᠤᠭᠤᠳᠤ ᠳᠤ ᠢᠷᠡᠵᠦ᠂ 1977 ᠤᠨ ᠤ ᠡᠪᠦᠯ᠂ ᠨᠤᠳᠤᠭ ᠲᠠᠭᠠᠨ ᠪᠤᠴᠠᠵᠤ ᠨᠠᠭᠠᠴᠤ ᠬᠦᠷᠭᠡᠨ ᠠᠪᠤ ᠳᠤ ᠪᠠᠨ | ᠱᠠᠪᠢᠯᠠᠵᠤ᠂《ᠰᠢᠬᠢᠷ ᠦᠯᠢᠶᠡᠵᠦ ᠭᠡᠦᠭᠡᠯᠳᠡᠢ ᠱᠤᠭᠤᠬᠤ》ᠭᠠᠷ ᠤᠷᠠᠯᠢᠭ ᠢ ᠰᠤᠷᠴᠠᠢ᠃ ᠪᠤᠭᠤᠳᠤ ᠳᠤ ᠬᠠᠷᠢᠭᠰᠠᠨ | ᠬᠤᠶᠢᠨ᠎ᠠ ᠡᠯ᠎ᠡ ᠲᠦᠷᠦᠯ ᠤᠨ ᠲᠦᠷᠰᠦ ᠪᠦᠳᠦᠭᠡᠬᠦ ᠶᠢ ᠬᠠᠳᠠᠭᠤᠵᠢᠯᠳᠠᠢ ᠪᠤᠯᠪᠠᠰᠤᠷᠠᠵᠤ᠂ ᠤᠯᠠᠮᠵᠢᠯᠠᠯᠳᠤ ᠠᠷᠭ᠎ᠠ ᠪᠠᠷ | ᠠᠷᠪᠠᠨ ᠬᠤᠶᠠᠷ ᠵᠢᠯ ᠤᠨ ᠵᠦᠪᠬᠡᠨ 6 ᠲᠦᠷᠦᠯ ᠤᠨ ᠠᠮᠢᠳᠠᠨ ᠢ ᠯᠡ ᠦᠯᠢᠶᠡᠵᠦ ᠱᠤᠭᠤᠬᠤ ᠪᠠᠶᠢᠭᠰᠠᠨ ᠵᠠᠭᠠᠭ | ᠱᠤᠭᠤᠮ ᠢ ᠰᠢᠪᠳᠤᠯᠤᠨ᠂ 12 ᠲᠦᠷᠦᠯ ᠤᠨ ᠠᠮᠢᠳᠠᠨ ᠦᠯᠢᠶᠡᠵᠦ ᠱᠤᠭᠤᠬᠤ ᠪᠦᠳᠦᠭᠡᠯ ᠢ ᠲᠡᠭᠦᠯᠳᠡᠷᠵᠢᠭᠦᠯᠵᠡᠢ᠃ | ᠡᠨᠡ ᠨᠢ ᠪᠤᠭᠤᠳᠤ ᠶᠢᠨ《ᠰᠢᠬᠢᠷ ᠦᠯᠢᠶᠡᠵᠦ ᠭᠡᠦᠭᠡᠯᠳᠠᠢ ᠱᠤᠭᠤᠬᠤ》ᠤᠷᠠᠯᠢᠭ ᠢ ᠪᠦᠬᠦ ᠤᠯᠤᠰ ᠤᠨ ᠰᠢᠬᠢᠷ | ᠤᠷᠠᠯᠢᠭ ᠤᠨ ᠬᠡᠪᠴᠢᠶᠡᠨ ᠳᠤ ᠦᠪᠡᠷ ᠤᠨ ᠰᠢᠰᠲ᠋ᠧᠮ ᠢ ᠪᠦᠷᠢᠯᠳᠦᠭᠦᠯᠵᠦ᠂ ᠦᠪᠡᠷᠮᠢᠴᠡ ᠤᠨᠴᠠᠯᠢᠭᠳᠤ ᠪᠦᠬᠦᠢ ᠭᠠᠷ | ᠤᠷᠠᠯᠢᠭ ᠪᠤᠯᠭᠠᠭᠰᠠᠨ ᠪᠠᠶᠢᠨ᠎ᠠ᠃ ᠰᠢᠬᠢᠷ ᠱᠤᠭᠤᠮᠠᠯ ᠤᠨ ᠤᠯᠠᠮᠵᠢᠯᠠᠯᠳᠤ ᠨᠠᠶᠢᠷᠠᠯᠭ᠎ᠠ ᠶᠢᠨ ᠬᠡᠮ ᠰᠤᠭᠠᠭ ᠢ | ᠦᠭᠡᠷᠡᠴᠢᠯᠡᠬᠦ ᠶᠢᠨ ᠲᠦᠯᠦᠭᠡ᠂ ᠲᠡᠷᠡ ᠲᠠᠬᠢᠨ ᠲᠠᠪᠳᠠᠨ ᠲᠤᠷᠰᠢᠯᠳᠠ ᠬᠢᠭᠦ ᠪᠠᠷ ᠲᠠᠮᠵᠢᠨ 1997 ᠤᠨ ᠳᠤ ᠰᠢᠨ᠎ᠡ | ᠨᠠᠶᠢᠷᠠᠯᠭ᠎ᠠ ᠶᠢ ᠨᠠᠶᠢᠷᠠᠭᠤᠯᠵᠤ᠂ ᠰᠢᠭᠢᠷ ᠱᠤᠭᠤᠮᠠᠯ ᠤᠨ ᠤᠷᠠᠯᠢᠭ ᠤᠨ ᠪᠦᠳᠦᠭᠡᠯ ᠢ ᠤᠯᠠᠨ ᠶᠠᠩᠵᠤᠵᠢᠬᠤ᠂ ᠪᠤᠳᠤᠯᠢᠶᠠᠨ | ᠲᠠᠢ ᠪᠤᠯᠭᠠᠬᠤ᠂ ᠪᠡᠶ᠎ᠡ ᠶᠢᠨ ᠬᠡᠯᠪᠡᠷᠢ ᠶᠢ ᠨᠢ ᠭᠠᠯᠪᠢᠷᠵᠢᠭᠤᠯᠪᠠ᠃ | | | | | ᠤᠷᠴᠢᠭᠤᠯᠤᠭᠴᠢ᠄ ᠠᠯᠢᠮ᠎ᠠ | ᠬᠢᠨᠠᠭᠴᠢ᠄ ᠪᠠᠢ ᠢᠦᠢ ᠰᠢᠶᠠ | | |