【 ᠴᠢᠩᠱᠠᠨ ᠲᠤᠭᠤᠷᠢᠭ  ᠤᠨ ᠰᠣᠶᠣᠯ】ᠲᠣᠮᠳᠠᠳᠣ ᠶᠢᠨ ᠥᠨᠳᠥᠰᠥᠳᠡᠨ ᠤ ᠰᠥᠭ ᠰᠥᠨᠠᠰᠣ ----- ᠪᠣᠭᠤᠳᠣ ᠶᠢᠨ ᠣᠷᠳᠣ ᠴᠠᠭᠠᠨ ᠭᠡᠷᠡᠮ ᠤᠨ ᠰᠣᠶᠣᠯ ᠤᠨ ᠥᠵᠡᠰᠭᠦᠯᠡᠩ
ᠨᠡᠶᠢᠲᠡᠯᠡᠭᠰᠡᠨ ᠴᠠᠭ᠄
2022/12/19
      ᠲᠥᠮᠡᠨ ᠭᠠᠵᠠᠷ ᠰᠣᠨᠳᠣᠯᠵᠢᠭᠰᠠᠨ᠂ ᠬᠤᠶᠡᠷ ᠮᠢᠩᠭ᠎ᠠ ᠭᠠᠷᠣᠢ ᠵᠢᠯ ᠤᠨ ᠲᠡᠣᠭᠡ ᠲᠠᠢ᠂ ᠥᠨᠳᠥᠷ ᠠᠭᠤᠯᠠ ᠰᠥᠷᠯᠢᠭ ᠲᠠᠪᠠᠭ᠎ᠠ ᠳᠤ ᠥᠷᠭᠦᠯᠵᠢᠯᠡᠭᠰᠡᠨ ᠣᠷᠳᠣ ᠴᠠᠭᠠᠨ ᠭᠡᠷᠡᠮ ᠪᠣᠯ ᠭᠥᠮᠥᠨ ᠲᠥᠷᠥᠯᠬᠢᠳᠡᠨ ᠤ ᠪᠣᠯᠪᠠᠰᠣᠨ ᠲᠡᠣᠭᠡᠨ ᠳᠠᠬᠢ ᠬᠠᠮᠤᠭ ᠤᠨ ᠠᠭᠤᠣ ᠶᠡᠭᠡ ᠪᠠᠷᠢᠯᠭ᠎ᠠ ᠶᠢᠨ ᠢᠨᠵᠧᠨᠧᠷᠢᠩ ᠪᠣᠯᠣᠨ᠎ᠠ᠃ ᠲᠡᠷᠡ ᠪᠣᠯ ᠭᠠᠶᠢᠬᠠᠮᠰᠢᠭᠲᠤ ᠰᠠᠶᠢᠬᠠᠨ ᠦᠵᠡᠮᠵᠢᠲᠦ ᠵᠢᠷᠤᠭ᠂ ᠢᠷᠠᠭᠤ ᠭᠠᠶᠢᠬᠠᠮᠰᠢᠭᠲᠤ ᠲᠣᠣᠯᠢᠰ᠂ ᠲᠣᠮᠳᠠᠳᠣ ᠣᠯᠣᠰ ᠤᠨ ᠡᠷᠲᠡᠨ ᠤ ᠦᠶ᠎ᠡ ᠶᠢᠨ ᠥᠨᠳᠥᠰᠥᠳᠡᠨ ᠨᠦᠭᠦᠳ ᠤᠨ ᠠᠷᠠᠳ ᠲᠥᠮᠡᠨ ᠤ ᠰᠣᠯᠢᠯᠴᠠᠭ᠎ᠠ᠂ ᠶᠠᠪᠣᠯᠴᠠᠭᠠᠨ ᠤ ᠬᠤᠯᠪᠣᠭᠠᠰᠣ᠂ ᠠᠳᠠᠯᠢ ᠪᠣᠰᠣ ᠪᠣᠯᠪᠠᠰᠣᠨ ᠤ ᠮᠥᠷᠭᠦᠯᠲᠡ ᠬᠢᠬᠡᠳ ᠠᠭᠤᠰᠣᠯᠴᠡᠯ ᠤᠨ ᠬᠤᠯᠪᠣᠭᠠᠰᠤ᠂ ᠥᠨᠳᠥᠰᠥᠳᠡᠨ ᠨᠦᠭᠦᠳ ᠤᠨ ᠠᠷᠠᠳ ᠲᠥᠮᠡᠨ ᠤ ᠬᠠᠮᠳᠣ ᠪᠠᠷ ᠡᠭᠦᠳᠥᠨ ᠪᠥᠳᠥᠭᠡᠭᠰᠡᠨ ᠭᠠᠶᠢᠬᠠᠮᠰᠢᠭ᠂ ᠲᠣᠮᠳᠠᠳᠣ ᠶᠢᠨ ᠥᠨᠳᠥᠰᠥᠳᠡᠨ ᠤ ᠠᠭᠤᠣ ᠶᠡᠭᠡ ᠣᠶᠤᠨ ᠤᠬᠠᠭᠠᠨ ᠤ ᠪᠡᠯᠭᠡ ᠲᠡᠮᠳᠡᠭ᠂ ᠭᠥᠮᠥᠨ ᠲᠥᠷᠥᠯᠬᠢᠳᠡᠨ ᠤ ᠡᠷᠭᠢᠮ ᠨᠠᠨᠳᠢᠨ ᠲᠡᠣᠭᠡ ᠰᠣᠶᠣᠯ ᠤᠨ ᠥᠪ ᠬᠥᠷᠥᠩᠭᠡ ᠪᠣᠯᠣᠨ᠎ᠠ᠃
图片6_副本.jpg     
      ᠥᠪᠥᠷ ᠮᠣᠩᠭᠤᠯ ᠤᠨ ᠪᠠᠷᠠᠭᠤᠨ ᠭᠡᠰᠡᠭ ᠲᠤ ᠣᠷᠣᠰᠢᠵᠣ᠂ ᠮᠤᠨᠠ ᠠᠭᠤᠯᠠ ᠨᠢᠷᠤᠭᠤ ᠪᠠᠷ ᠵᠡᠭᠦᠨᠰᠢ ᠪᠠᠷᠠᠭᠤᠨᠰᠢ ᠰᠣᠨᠳᠣᠯᠵᠣ ᠪᠠᠶᠢᠳᠠᠭ᠃ ᠪᠠᠶᠢᠯᠳᠣᠭᠠᠨᠳᠣ ᠣᠯᠣᠰ ᠤᠨ ᠵᠣᠣ ᠡᠣ ᠯᠢᠩ ᠬᠠᠭᠠᠨ ᠠᠴᠠ ᠡᠬᠢᠯᠡᠵᠣ᠂ ᠴᠢᠨ᠂ ᠬᠠᠨ᠂ ᠤᠮᠠᠷᠠᠲᠤ ᠸᠧᠢ ᠤᠯᠤᠰ᠂ ᠶᠢᠨ ᠣᠯᠣᠰ ᠵᠡᠷᠭᠡ ᠲᠠᠪᠣᠨ ᠲᠥᠷᠣ ᠣᠷᠢᠳ ᠬᠤᠵᠢᠳ ᠮᠤᠨᠠ ᠠᠭᠤᠯᠠ ᠶᠢᠨ ᠡᠮᠦᠨ᠎ᠡ ᠬᠤᠶᠢᠨ᠎ᠠ ᠣᠷᠳᠣ ᠴᠠᠭᠠᠨ ᠭᠡᠷᠡᠮ ᠢ ᠵᠠᠰᠠᠨ ᠪᠠᠶᠢᠭᠤᠯᠵᠣ᠂ ᠣᠷᠳᠣ ᠴᠠᠭᠠᠨ ᠭᠡᠷᠡᠮ ᠤᠨ ᠰᠣᠶᠣᠯ ᠨᠢ ᠪᠣᠭᠤᠳᠣ ᠶᠢᠨ ᠲᠡᠣᠭᠡ ᠰᠣᠶᠣᠯ ᠤᠨ ᠲᠣᠮᠳᠠ ᠴᠢᠬᠤᠯᠨ ᠪᠠᠶᠢᠷᠢ ᠰᠠᠭᠤᠷᠢ ᠶᠢ ᠡᠵᠡᠯᠡᠭᠰᠡᠨ ᠪᠠᠶᠢᠨ᠎ᠠ᠃ ᠣᠷᠳᠣ ᠴᠠᠭᠠᠨ ᠭᠡᠷᠡᠮ ᠤᠨ ᠲᠡᠣᠭᠡ ᠰᠣᠶᠣᠯ ᠢ ᠪᠠᠳᠠᠷᠠᠭᠤᠯᠣᠨ᠂ ᠣᠷᠳᠣ ᠴᠠᠭᠠᠨ ᠭᠡᠷᠡᠮ ᠤᠨ ᠥᠪᠡᠷᠮᠢᠴᠡ ᠲᠠᠲᠠᠬᠤ ᠬᠦᠴᠦᠨ ᠢ ᠥᠵᠡᠭᠦᠯᠥᠨ᠂ ᠠᠭᠤᠣ ᠶᠡᠭᠡ ᠣᠷᠳᠣ ᠴᠠᠭᠠᠨ ᠭᠡᠷᠡᠮ ᠤᠨ ᠵᠣᠷᠢᠭ ᠰᠠᠨᠠᠭ᠎ᠠ ᠶᠢ ᠣᠯᠠᠮᠵᠢᠯᠠᠬᠤ ᠶᠢᠨ ᠲᠥᠯᠥᠭᠡ᠂ ᠪᠣᠭᠤᠳᠣ ᠬᠤᠳᠠ ᠶᠢᠨ ᠴᠢᠩᠱᠠᠨ ᠲᠣᠭᠤᠷᠢᠭ ᠤᠨ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠣᠪᠴᠢᠶ᠎ᠠ᠂ ᠴᠢᠩᠱᠠᠨ ᠲᠣᠭᠤᠷᠢᠭ ᠤᠨ ᠰᠢᠩ ᠱᠧᠩ ᠪᠠᠯᠭᠠᠰᠣ᠂ ᠳ᠋ᠦᠩ ᠳ᠋ᠠ ᠭᠧᠦ ᠲᠣᠰᠬᠤᠨ ᠠᠴᠠ ︽ᠲᠣᠮᠳᠠᠳᠣ ᠶᠢᠨ ᠥᠨᠳᠥᠰᠥᠳᠡᠨ ᠤ ᠰᠥᠭ ᠰᠥᠨᠠᠰᠣ ----- ᠪᠣᠭᠤᠳᠣ ᠶᠢᠨ ᠣᠷᠳᠣ ᠴᠠᠭᠠᠨ ᠭᠡᠷᠡᠮ ᠤᠨ ᠰᠣᠶᠣᠯ ᠤᠨ ᠥᠵᠡᠰᠭᠦᠯᠡᠩ︾ ᠢ ᠵᠣᠬᠢᠶᠠᠨ ᠪᠠᠶᠢᠭᠤᠯᠣᠭᠰᠠᠨ ᠪᠠᠶᠢᠨ᠎ᠠ᠃      ᠪᠥᠬᠦ ᠣᠯᠣᠰ ᠤᠨ ᠥᠨᠳᠥᠰᠥᠳᠡᠨ ᠨᠦᠭᠦᠳ ᠤᠨ ᠠᠷᠠᠳ ᠲᠥᠮᠡᠨ ᠲᠣᠮᠳᠠᠳᠣ ᠶᠢᠨ ᠥᠨᠳᠥᠰᠥᠳᠡᠨ ᠤ ᠠᠭᠤᠣ ᠶᠡᠭᠡ ᠰᠡᠷᠭᠦᠨ ᠮᠠᠨᠳᠣᠯᠳᠠ ᠶᠢ ᠪᠡᠶᠡᠯᠡᠭᠦᠯᠬᠦ ᠶᠢᠨ ᠲᠥᠯᠥᠭᠡ᠂ ᠡᠶ᠎ᠡ ᠵᠣᠬᠢᠴᠠᠯᠳᠠᠢ ᠶᠢᠷᠳᠢᠨᠴᠣ ᠶᠢ ᠴᠢᠷᠮᠠᠶᠢᠨ ᠪᠠᠶᠢᠭᠤᠯᠵᠣ ᠪᠠᠶᠢᠭ᠎ᠠ ᠥᠨᠥᠳᠣᠷ᠂ ᠣᠷᠳᠣ ᠴᠠᠭᠠᠨ ᠭᠡᠷᠡᠮ ᠮᠥᠨ ᠯᠠ ᠲᠣᠮᠳᠠᠳᠣ ᠶᠢᠨ ᠭᠥᠪᠡᠭᠦᠳ ᠥᠬᠢᠳ ᠤᠨ ᠣᠷᠣᠭᠰᠢᠯᠠᠯᠳᠠ ᠶᠢᠨ ᠵᠣᠷᠢᠭᠵᠢᠭᠤᠯᠣᠯ ᠤᠨ ᠭᠥᠳᠡᠯᠭᠡᠭᠴᠢ ᠭᠥᠴᠥᠨ ᠤ ᠡᠭᠢ ᠪᠣᠯᠠᠭ ᠪᠣᠯᠣᠨ᠎ᠠ᠃ ᠪᠢᠳᠠᠨᠣᠰ ᠠᠳᠡ  ᠠᠴᠠ ᠡᠬᠢᠯᠡᠨ᠂ ᠣᠷᠳᠣ ᠴᠠᠭᠠᠨ ᠭᠡᠷᠡᠮ ᠢ ᠰᠣᠳᠣᠯᠵᠣ᠂ ᠣᠷᠳᠣ ᠴᠠᠭᠠᠨ ᠭᠡᠷᠡᠮ ᠢ ᠲᠠᠨᠢᠵᠣ ᠮᠡᠳᠡᠨ᠂ ᠣᠷᠳᠣ ᠴᠠᠭᠠᠨ ᠭᠡᠷᠡᠮ ᠢ ᠣᠬᠠᠭᠤᠯᠵᠣ᠂ ᠣᠷᠳᠣ ᠴᠠᠭᠠᠨ ᠭᠡᠷᠡᠮ ᠢᠶᠠᠨ ᠬᠠᠮᠠᠭᠠᠯᠠᠰᠣᠭᠠᠢ᠃
                                            ᠤᠷᠴᠢᠭᠤᠯᠤᠭᠴᠢ᠄ ᠶᠢᠨ ᠪᠤᠤ                                            ᠬᠢᠨᠠᠭᠴᠢ᠄ ᠪᠠᠢ ᠢᠦᠢ ᠰᠢᠶᠠ 
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号