【 ᠴᠢᠩᠱᠠᠨ ᠲᠤᠭᠤᠷᠢᠭ  ᠤᠨ ᠰᠣᠶᠣᠯ】ᠲᠣᠮᠳᠠᠳᠣ ᠶᠢᠨ ᠥᠨᠳᠥᠰᠥᠳᠡᠨ ᠤ ᠰᠥᠭ ᠰᠥᠨᠠᠰᠣ ----- ᠪᠣᠭᠤᠳᠣ ᠶᠢᠨ ᠣᠷᠳᠣ ᠴᠠᠭᠠᠨ ᠭᠡᠷᠡᠮ ᠤᠨ ᠰᠣᠶᠣᠯ ᠤᠨ ᠥᠵᠡᠰᠭᠦᠯᠡᠩ‌‍ᠴᠡᠷᠢᠭ ᠤᠨ ᠠᠵᠤ ᠦᠢᠯᠡᠳᠪᠦᠷᠢ ᠪᠠᠷ ᠤᠯᠤᠰ ᠲᠠᠭᠠᠨ ᠵᠢᠳᠭᠦᠵᠦ ᠠᠷᠠᠳ ᠲᠦᠮᠡᠨ ᠲᠠᠢ ᠪᠠᠨ ᠰᠦᠭ ᠰᠦᠨᠡᠰᠦ ᠪᠠᠨ ᠬᠤᠯᠪᠤᠯᠴᠠᠭᠰᠠᠨ
ᠨᠡᠶᠢᠲᠡᠯᠡᠭᠰᠡᠨ ᠴᠠᠭ᠄
2022/10/12
      ᠪᠤᠭᠤᠳᠤ ᠶᠢᠨ ᠴᠡᠷᠢᠭ ᠤᠨ ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ ᠦᠢᠯᠡᠰ ᠪᠤᠰᠬᠠᠭᠰᠠᠨ᠂ ᠲᠡᠮᠡᠴᠡᠭᠰᠡᠨ᠂ ᠬᠦᠭᠵᠢᠭᠰᠡᠨ ᠭᠡᠷᠡᠯ ᠰᠠᠴᠤᠷᠠᠩᠭᠤᠢ ᠲᠡᠦᠭᠡᠨ ᠶᠠᠪᠤᠴᠠ  ᠶᠢ ᠪᠠᠳᠤ ᠴᠡᠭᠡᠵᠢᠯᠡᠵᠦ᠂《ᠠᠯᠢᠪᠠ ᠪᠠᠨ ᠨᠠᠮ  ᠳᠠᠭᠠᠨ ᠵᠤᠷᠢᠭᠤᠯᠬᠤ》ᠴᠡᠷᠢᠭ ᠤᠨ ᠠᠵᠤ ᠦᠢᠯᠡᠳᠪᠦᠷᠢ ᠶᠢᠨ ᠵᠤᠷᠢᠭ ᠰᠠᠨᠠᠭ᠎ᠠ ᠶᠢ ᠵᠠᠯᠭᠠᠮᠵᠢᠯᠠᠨ᠂《ᠦᠪᠡᠷ ᠤᠨ ᠬᠦᠴᠦ ᠪᠠᠷ  ᠢᠶᠠᠨ ᠲᠡᠭᠵᠢᠷᠡᠭᠦ᠂ ᠲᠡᠰᠪᠦᠷᠢ ᠬᠠᠳᠠᠭᠤᠵᠢᠯᠳᠠᠢ ᠪᠠᠷ ᠲᠡᠮᠡᠴᠡᠬᠦ᠂ ᠴᠡᠷᠢᠭ ᠤᠨ ᠠᠵᠤ ᠦᠢᠯᠡᠳᠪᠦᠷᠢ  ᠪᠠᠷ ᠤᠯᠤᠰ ᠲᠠᠭᠠᠨ ᠵᠢᠳᠬᠦᠬᠦ᠂ ᠲᠤᠷᠠᠳᠠᠶ᠎ᠠ ᠬᠤᠪᠢ ᠨᠡᠮᠡᠷᠢ ᠪᠠᠨ ᠦᠵᠡᠭᠦᠯᠬᠦ᠂ ᠡᠭᠡ ᠤᠯᠤᠰ ᠤᠨ ᠢᠶᠠᠨ ᠲᠦᠯᠦᠭᠡ ᠢᠷᠠᠭᠤ ᠠᠯᠳᠠᠷ ᠢ ᠲᠡᠮᠡᠴᠡᠨ ᠤᠯᠬᠤ᠂ ᠨᠤᠶᠠᠨ ᠤᠷᠬᠢᠯ ᠳᠤ ᠡᠭᠦᠷᠢᠳᠡ ᠠᠪᠠᠷᠢᠬᠤ》ᠰᠢᠯᠢᠳᠡᠭ ᠤᠯᠠᠮᠵᠢᠯᠠᠯ ᠢ ᠪᠠᠳᠠᠷᠠᠭᠤᠯᠵᠤ᠂ ᠪᠤᠭᠤᠳᠤ ᠬᠤᠳᠠ ᠶᠢᠨ ᠬᠦᠨ ᠵᠤᠵᠠᠭᠠᠨ‌‍ᠴᠡᠷᠢᠭ ᠤᠨ ᠠᠵᠤ ᠦᠢᠯᠡᠳᠪᠦᠷᠢ ᠶᠢᠨ ᠰᠤᠶᠤᠯ ᠢ ᠲᠡᠯᠭᠡᠨ ᠦᠵᠡᠭᠦᠯᠬᠦ ᠶᠢᠨ ᠲᠦᠯᠦᠭᠡ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠪᠤᠭᠤᠳᠤ ᠬᠤᠳᠠ ᠶᠢᠨ ᠬᠤᠷᠢᠶᠠᠨ ᠤ ᠤᠬᠠᠭᠤᠯᠬᠤ ᠭᠡᠯᠳᠡᠰ᠂ ᠪᠤᠭᠤᠳᠤ ᠶᠢᠨ ᠴᠡᠷᠢᠭ ᠤᠨ ᠬᠤᠪᠢᠶᠠᠷᠢ ᠲᠤᠭᠤᠷᠢᠭ᠂ ᠦᠪᠦᠷ ᠮᠤᠩᠭᠤᠯ ᠤᠨ ᠨᠢᠭᠡᠳᠦᠭᠡᠷ ᠮᠠᠰᠢᠨ ᠦᠢᠯᠡᠳᠭᠦ ᠪᠦᠯᠦᠭᠯᠡᠯ᠂ ᠤᠮᠠᠷᠠᠳᠤ ᠶᠢᠨ ᠬᠦᠨᠳᠦ ᠠᠵᠤ ᠦᠢᠯᠡᠳᠪᠦᠷᠢ ᠶᠢᠨ ᠪᠦᠯᠦᠭᠯᠡᠯ᠂ ᠲᠤᠮᠳᠠᠳᠤ ᠤᠯᠤᠰ ᠤᠨ ᠴᠦᠮ᠎ᠡ ᠶᠢᠨ ᠤᠮᠠᠷᠠᠳᠤ ᠶᠢᠨ ᠴᠦᠮ᠎ᠡ ᠶᠢᠨ ᠲᠦᠯᠡᠰᠢ ᠶᠢᠨ ᠦᠨᠳᠦᠰᠦᠨ ᠲᠤᠨᠤᠭ ᠤᠨ ᠬᠢᠵᠠᠭᠠᠷᠳᠤ ᠺᠤᠮᠫᠠᠨᠢ ᠵᠡᠷᠭᠡ ᠨᠢᠭᠡᠴᠢ ᠬᠠᠮᠳᠤ  ᠪᠠᠷ ᠤᠷᠤᠯᠴᠠᠨ《ᠴᠡᠷᠢᠭ ᠤᠨ ᠠᠵᠤ ᠦᠢᠯᠡᠳᠪᠦᠷᠢ ᠪᠠᠷ ᠤᠯᠤᠰ ᠲᠠᠭᠠᠨ ᠵᠢᠳᠬᠦᠵᠤ᠂ ᠠᠷᠠᠳ ᠲᠦᠮᠡᠨ ᠲᠠᠢ ᠪᠠᠨ ᠰᠦᠭ ᠰᠦᠨᠡᠰᠦ ᠪᠠᠨ ᠬᠤᠯᠪᠤᠯᠴᠠᠭᠰᠠᠨ》ᠭᠡᠳᠡᠭ ᠭᠤᠤᠯ ᠰᠡᠳᠦᠪᠳᠦ ᠱᠤᠭᠤᠮᠠᠯ ᠢ ᠪᠠᠶᠢᠭᠤᠯᠵᠠᠢ᠃     ᠱᠤᠭᠤᠮᠠᠯ ᠨᠢ ᠭᠤᠷᠪᠡᠨ ᠰᠠᠭᠤᠳᠠᠯ ᠬᠢᠳᠠᠳ ᠦᠰᠦᠭ ᠤᠨ《ᠬᠦᠮᠦᠨ》ᠭᠡᠳᠡᠭ ᠦᠰᠦᠭ ᠤᠨ ᠭᠡᠯᠪᠡᠷᠢ ᠪᠠᠷ ᠭᠤᠤᠯ ᠴᠤᠭᠴᠠ ᠶᠢᠨ ᠲᠦᠷᠢ ᠲᠦᠷᠬᠦ ᠪᠤᠯᠭᠠᠵᠤ᠂ ᠬᠢᠳᠠᠳ ᠦᠰᠦᠭ ᠤᠨ《ᠤᠯᠠᠨ ᠲᠦᠮᠡᠨ》ᠭᠡᠳᠡᠭ ᠦᠰᠦᠭ ᠢ ᠪᠦᠷᠢᠯᠳᠦᠭᠦᠯᠦᠨ᠂ ᠴᠡᠷᠢᠭ ᠤᠨ ᠠᠵᠤ ᠦᠢᠯᠡᠳᠪᠦᠷᠢ ᠶᠢᠨ ᠠᠵᠢᠯᠳᠠᠳ ᠤᠨ《ᠲᠦᠮᠡᠨ ᠠᠷᠠᠳ ᠰᠡᠳᠭᠢᠯ ᠨᠢᠭᠡᠳᠡᠢ᠂ ᠲᠦᠮᠡᠨ ᠤᠯᠠᠨ ᠬᠦᠴᠦ ᠨᠢᠭᠲᠠᠷᠠᠬᠤ》ᠨᠡᠶᠢᠳᠡᠴᠢ ᠦᠵᠡᠯ ᠤᠨ ᠵᠤᠷᠢᠭ ᠰᠠᠨᠠᠭ᠎ᠠ ᠶᠢ ᠢᠯᠡᠷᠡᠭᠦᠯᠵᠦ᠂ ᠱᠤᠭᠤᠮᠠᠯ ᠤᠨ ᠬᠦᠳᠦᠭᠦᠷ ᠰᠡᠶᠢᠯᠦᠮᠡᠯ ᠤᠨ ᠬᠡᠰᠡᠭ ᠢ ᠲᠤᠮᠳᠠᠳᠤ ᠤᠯᠤᠰ ᠤᠨ ᠴᠡᠷᠢᠭ ᠤᠨ ᠠᠵᠤ ᠦᠢᠯᠡᠳᠪᠦᠷᠢ ᠶᠢᠨ ᠡᠭᠦᠳᠦᠨ ᠨᠡᠭᠡᠭᠡᠭᠴᠢ — ᠲᠤᠮᠳᠠᠳᠤ ᠤᠯᠤᠰ ᠤᠨ ᠫᠡᠸᠧᠯ ᠡᠤ ᠶᠦᠨ ᠳ᠋ᠦᠸᠧ ᠶᠢᠨ ᠭᠦᠷᠦᠭ ᠵᠢᠴᠢ ᠲᠠᠩᠺᠡ᠂ ᠭᠠᠯᠳᠤ ᠫᠤᠤ᠂ ᠴᠦᠮ᠎ᠡ ᠶᠢᠨ ᠲᠦᠯᠡᠰᠢ ᠶᠢᠨ ᠦᠨᠳᠦᠰᠦᠨ ᠲᠤᠨᠤᠭ᠂ ᠤᠯᠤᠰ ᠤᠨ ᠪᠠᠶᠠᠷ ᠤᠨ ᠴᠡᠷᠢᠭ ᠤᠨ ᠵᠢᠭᠰᠠᠭᠠᠯ ᠰᠢᠯᠭᠠᠨ ᠦᠵᠡᠭᠦ ᠲᠠᠩᠺᠡ ᠵᠡᠷᠭᠡ ᠡᠯᠧᠮᠧᠨ᠋ᠲ ᠢᠶᠠᠷ ᠪᠦᠷᠢᠯᠳᠦᠭᠦᠯᠵᠦ᠂ ᠴᠡᠷᠢᠭ ᠤᠨ ᠠᠵᠤ ᠦᠢᠯᠡᠳᠪᠦᠷᠢ ᠶᠢᠨ ᠠᠵᠢᠯᠳᠠᠳ ᠤᠨ《ᠤᠯᠤᠰ ᠤᠨ ᠠᠰᠢᠭ ᠲᠤᠰᠠ ᠶᠢ ᠬᠠᠮᠤᠭ ᠤᠨ ᠡᠷᠬᠢᠮ ᠲᠡᠭᠡᠳᠦ》 ᠪᠠᠷ ᠦᠵᠡᠭᠦ ᠡᠭᠦᠷᠭᠡ ᠬᠠᠷᠢᠭᠤᠴᠠᠯᠭ᠎ᠠ ᠵᠢᠴᠢ ᠴᠡᠷᠢᠭ ᠤᠨ ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ《ᠴᠡᠷᠢᠭ ᠢᠶᠠᠨ ᠬᠦᠴᠦᠷᠭᠡᠭᠵᠢᠭᠦᠯᠬᠦ ᠲᠡᠷᠢᠭᠦᠨ ᠬᠠᠷᠢᠭᠤᠴᠠᠯᠭ᠎ᠠ》 ᠶᠢᠨ ᠲᠡᠦᠭᠡᠨ ᠡᠭᠦᠷᠭᠡᠯᠡᠯ ᠢ ᠲᠤᠰᠬᠠᠭᠰᠠᠨ ᠪᠠᠶᠢᠨ᠎ᠠ᠃ ᠱᠤᠭᠤᠮᠠᠯ ᠨᠢ ᠪᠦᠭᠦᠯᠢ ᠴᠤᠭᠴᠠ ᠪᠠᠷ ᠢᠶᠠᠨ ᠲᠡᠭᠡᠭᠰᠢ ᠮᠠᠨᠳᠤᠨ ᠲᠡᠭᠳᠡᠵᠦ᠂ ᠮᠠᠰᠢ ᠴᠢᠩᠭ᠎ᠠ ᠬᠠᠷᠠᠭᠠᠨ ᠰᠡᠷᠡᠯ ᠤᠨ ᠲᠠᠭᠠᠷᠢᠯᠳᠠ ᠶᠢᠨ ᠬᠦᠴᠦᠨ ᠲᠠᠢ ᠪᠠᠶᠢᠵᠤ᠂ ᠬᠦᠳᠦᠭᠦᠷ ᠱᠤᠭᠤᠮᠠᠯ ᠤᠨ ᠲᠡᠭᠡᠳᠦ ᠦᠵᠦᠭᠦᠷ  ᠤᠨ《 ᠡᠩᠭᠡ ᠲᠠᠶᠢᠪᠤᠩ  ᠤᠨ ᠲᠠᠭᠳᠠᠭ᠎ᠠ》 ᠨᠢ ᠡᠩᠭᠡ ᠲᠠᠶᠢᠪᠤᠩ᠂ ᠨᠦᠭᠦᠷᠯᠡᠯ ᠢ ᠪᠡᠯᠭᠡᠳᠡᠵᠦ᠂ ᠲᠡᠯᠡᠭᠡᠢ ᠶᠢᠷᠳᠢᠨᠴᠦ ᠳᠤ ᠬᠡᠵᠢᠶ᠎ᠡ ᠡᠭᠦᠷᠢᠳᠡ ᠲᠠᠶᠢᠨ ᠲᠡᠵᠢᠨ ᠦᠭᠡᠢ ᠪᠠᠶᠢᠬᠤ ᠶᠢ ᠬᠦᠰᠡᠭᠰᠡᠨ ᠪᠠᠶᠢᠨ᠎ᠠ᠃      《ᠴᠡᠷᠢᠭ ᠤᠨ ᠠᠵᠤ ᠦᠢᠯᠡᠳᠪᠦᠷᠢ ᠪᠠᠷ ᠤᠯᠤᠰ ᠲᠠᠭᠠᠨ ᠵᠢᠳᠬᠦᠵᠦ᠂ ᠠᠷᠠᠳ ᠲᠦᠮᠡᠨ ᠲᠠᠢ ᠪᠠᠨ ᠰᠦᠭ ᠰᠦᠨᠡᠰᠦ ᠪᠠᠨ ᠬᠤᠯᠪᠤᠯᠴᠠᠭᠰᠠᠨ》ᠡᠨᠡᠭᠦ ᠲᠤᠮᠤ ᠱᠤᠭᠤᠮᠠᠯ  ᠤᠨ ᠭᠤᠤᠯ ᠴᠤᠭᠴᠠ ᠶᠢᠨ ᠬᠡᠯᠪᠡᠷᠢ ᠶᠢ ᠪᠦᠳᠦᠭᠡᠬᠦ ᠳᠤ ᠲᠡᠮᠦᠷ ᠬᠠᠪᠳᠠᠰᠤ ᠪᠠ ᠡᠯᠡᠰᠦᠨ ᠴᠢᠯᠠᠭᠤᠯᠢᠭ ᠤᠨ ᠴᠢᠯᠠᠭᠤᠨ ᠮᠠᠲ᠋ᠧᠷᠢᠶᠠᠯ ᠤᠨ ᠬᠦᠳᠦᠭᠦᠷ ᠰᠡᠶᠢᠯᠦᠮᠡᠯ ᠤᠨ ᠮᠠᠲ᠋ᠧᠷᠢᠶᠠᠯ ᠢ ᠬᠡᠷᠡᠭᠯᠡᠵᠦ᠂ ᠦᠨᠳᠦᠷ ᠨᠢ 10.45 ᠮᠧᠲᠷ᠂ ᠦᠷᠭᠡᠨ ᠨᠢ14.5 ᠮᠧᠲᠷ ᠪᠠᠶᠢᠵᠤ᠂ ᠪᠤᠭᠤᠳᠤ ᠶᠢᠨ ᠴᠡᠷᠢᠭ ᠤᠨ ᠠᠵᠤ ᠦᠢᠯᠡᠳᠪᠦᠷᠢ ᠶᠢᠨ ᠠᠭᠤᠳᠠᠮ ᠲᠠᠯᠠᠪᠠᠢ ᠶᠢᠨ ᠭᠤᠤᠯ ᠪᠦᠷᠢᠯᠳᠦᠭᠦᠨ ᠭᠡᠰᠡᠭ ᠨᠢ ᠪᠤᠯᠤᠭᠰᠠᠨ ᠪᠠᠶᠢᠨ᠎ᠠ᠃                        ᠲᠤᠮᠳᠠᠳᠤ ᠤᠯᠤᠰ ᠤᠨ ᠡᠪ ᠬᠠᠮᠳᠤ ᠨᠠᠮ ᠤᠨ ᠴᠢᠩᠱᠠᠨ ᠲᠤᠭᠤᠷᠢᠭ ᠤᠨ ᠬᠤᠷᠢᠶ᠎ᠠ                        ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ                                                                                      ᠤᠷᠴᠢᠭᠤᠯᠤᠭᠴᠢ᠄ ᠶᠢᠨ ᠪᠤᠤ                                              ᠬᠢᠨᠠᠭᠴᠢ᠄ ᠪᠠᠢ ᠢᠦᠢ ᠰᠢᠶᠠ 
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号