ᠤᠮᠠᠷᠠᠲᠤ ᠶᠤᠸᠠᠨ ᠤ ᠲᠡᠦᠬᠡ ︵ᠳᠦᠷᠪᠡ︶
ᠨᠡᠶᠢᠲᠡᠯᠡᠭᠰᠡᠨ ᠴᠠᠭ᠄
2020/9/25
     1409 ᠤᠨ ᠳᠤ ᠮᠢᠩ ᠴᠧᠩᠽᠦ ᠬᠠᠭᠠᠨ ᠵᠦ ᠳ᠋ᠢ᠂ ᠴᠢ ᠭᠦᠸᠧ ᠭᠦᠩ ᠪᠤᠯᠤᠨ ᠴᠢᠦ ᠹᠦ᠋ ᠪᠠᠷ ᠠᠷᠪᠠᠨ ᠲᠦᠮᠡᠨ ᠶᠡᠭᠡ ᠴᠡᠷᠢᠭ ᠲᠠᠶᠢᠴᠢᠯᠠᠭᠤᠯᠤᠨ ᠤᠮᠠᠷᠠᠰᠢ ᠲᠠᠶᠢᠯᠠᠭᠤᠯᠵᠤ ᠪᠤᠶᠠᠨᠰᠢᠷᠢ ︵ᠦᠯᠵᠡᠶᠢᠲᠡᠮᠦᠷ ᠬᠠᠭᠠᠨ︶ ᠪᠤᠯᠤᠨ ᠠᠷᠤᠭᠲᠠᠢ ᠶᠢ ᠴᠤᠬᠢᠭᠤᠯᠪᠠ᠃ ᠬᠤᠶᠠᠷ ᠡᠲᠡᠭᠡᠳ ᠤᠨ ᠴᠡᠷᠢᠭ ᠭᠡᠷᠡᠯᠦᠨ ᠮᠦᠷᠡᠨ ᠤ ᠤᠷᠴᠢᠮ ᠰᠢᠷᠦᠭᠦᠨ ᠪᠠᠶᠢᠯᠳᠤᠭᠠᠨ ᠪᠤᠯᠵᠤ᠂ ᠮᠢᠩ ᠤᠯᠤᠰ ᠤᠨ ᠴᠡᠷᠢᠭ ᠶᠡᠬᠡᠲᠡ ᠲᠠᠷᠤᠭᠳᠠᠨ ᠪᠦᠬᠦ ᠴᠡᠷᠢᠭ ᠨᠢ ᠰᠦᠢᠳᠦᠭᠡᠳ ᠴᠢᠦ ᠹᠦ᠋ ᠮᠡᠲᠦ ᠶᠢᠨ ᠲᠡᠷᠢᠭᠦᠯᠡᠭᠰᠡᠨ ᠲᠠᠪᠤᠨ ᠵᠠᠩᠵᠤᠨ ᠨᠢ ᠪᠦᠷ ᠲᠠᠶᠢᠳᠤᠨ ᠦᠬᠦᠵᠡᠢ᠃1401 ᠤᠨ ᠳᠤ ᠮᠢᠩ ᠤᠯᠤᠰ ᠤᠨ ᠴᠧᠩᠽᠦ ᠬᠠᠭᠠᠨ ᠵᠦ ᠳ᠋ᠢ ᠲᠠᠪᠢᠨ ᠲᠦᠮᠡᠨ ᠴᠡᠷᠢᠭ ᠲᠠᠶᠢᠴᠢᠯᠠᠨ ᠴᠠᠪᠴᠢᠶᠠᠯ ᠪᠤᠭᠤᠮᠳᠠ ᠪᠠᠷ ᠭᠠᠷᠴᠤ ᠦᠨᠡᠭᠡᠨ ᠲᠠᠪᠠᠭ᠎ᠠ ᠶᠢ ᠲᠠᠪᠠᠭᠠᠳ ᠪᠤᠶᠠᠨᠰᠢᠷᠢ ᠬᠠᠭᠠᠨ ᠢ ᠲᠤᠪᠳᠤᠯᠵᠠᠢ᠃ ᠮᠢᠩ ᠤᠯᠤᠰ ᠤᠨ ᠴᠡᠷᠢᠭ ᠤᠨᠤᠨ ᠭᠤᠤᠯ ᠤᠨ ᠬᠦᠪᠡᠭᠡᠨ ᠳᠤ ᠬᠦᠷᠴᠦ ᠢᠷᠡᠭᠰᠡᠨ ᠳᠤ ᠪᠤᠶᠠᠨᠰᠢᠷᠢ ᠬᠠᠭᠠᠨ ᠴᠡᠷᠢᠭ ᠠᠪᠴᠤ ᠤᠭᠳᠤᠨ ᠪᠠᠶᠢᠯᠳᠤᠭᠠᠳ ᠶᠡᠭᠡ ᠪᠠᠷ ᠴᠡᠷᠢᠭ ᠲᠠᠷᠤᠭᠳᠠᠵᠤ᠂ ᠴᠡᠷᠢᠭ ᠤᠨ ᠵᠡᠷ ᠵᠡᠪᠰᠡᠭ ᠠᠳᠤᠭᠤ ᠮᠠᠯ ᠢᠶᠠᠨ ᠤᠷᠬᠢᠭᠠᠳ ᠪᠠᠷᠠᠭᠤᠨᠰᠢ ᠪᠤᠷᠤᠭᠤᠯᠤᠨ ᠶᠠᠪᠤᠪᠠ᠃ ᠮᠢᠩ ᠤᠯᠤᠰ ᠤᠨ ᠴᠡᠷᠢᠭ ᠪᠤᠴᠠᠬᠤ ᠵᠠᠮ ᠵᠠᠭᠤᠷ᠎ᠠ ᠪᠠᠨ ᠮᠢᠩ ᠤᠯᠤᠰ ᠲᠤ ᠪᠠᠭᠤᠵᠤ ᠦᠭᠬᠦ ᠪᠠᠷ ᠵᠡᠭᠦᠨ ᠡᠮᠦᠨᠡᠰᠢ ᠳᠤᠲᠠᠭᠠᠵᠤ ᠪᠠᠶᠢᠭᠰᠠᠨ ᠠᠷᠤᠭᠳᠠᠢ ᠶᠢᠨ ᠴᠡᠷᠢᠭ ᠲᠠᠢ ᠬᠠᠷᠭᠤᠵᠠᠢ᠂ ᠭᠡᠪᠡᠴᠦ ᠠᠷᠤᠭᠳᠠᠢ ᠶᠢᠨ ᠲᠠᠭᠠᠭᠰᠠᠳ ᠨᠢ ᠮᠢᠩ ᠤᠯᠤᠰ ᠲᠤ ᠤᠷᠤᠵᠤ ᠦᠭᠬᠦ ᠶᠢ ᠡᠷᠡᠰ ᠲᠠᠳᠠᠭᠠᠯᠵᠠᠭᠰᠠᠨ ᠤᠴᠢᠷ ᠮᠢᠩ ᠤᠯᠤᠰ ᠤᠨ ᠴᠡᠷᠢᠭ ᠬᠢᠩᠭᠠᠨ ᠲᠠᠪᠠᠭ᠎ᠠ ᠤᠷᠴᠢᠮ ᠠᠷᠤᠭᠳᠠᠢ ᠶᠢᠨ ᠬᠦᠴᠦᠨ ᠲᠠᠢ ᠪᠠᠶᠢᠯᠳᠤᠵᠤ ᠶᠡᠬᠡᠲᠡ ᠢᠯᠠᠭᠰᠠᠨ ᠳᠤ ᠠᠷᠤᠭᠳᠠᠢ ᠬᠤᠯᠠ ᠵᠢᠭᠤᠳᠠᠨ ᠶᠠᠪᠤᠪᠠ᠃ ᠡᠨᠡ ᠲᠠᠶᠢᠨ ᠳᠤ ᠪᠤᠶᠠᠨᠰᠢᠷᠢ ᠬᠠᠭᠠᠨ ᠰᠦᠷᠡᠬᠡᠢ ᠲᠡᠶᠢᠯᠦᠭᠲᠡᠨ ᠵᠦᠪᠬᠡᠨ ᠲᠤᠯᠤᠭᠠᠨ ᠮᠤᠷᠢᠲᠠᠨ ᠲᠠᠢ ᠬᠠᠮᠳᠤ ᠬᠠᠷᠠᠬᠤᠷᠠᠮ ᠳᠤ ᠲᠤᠲᠠᠭᠠᠨ ᠬᠦᠷᠴᠦ ᠲᠠᠷᠠᠭ᠎ᠠ ᠨᠢ ᠤᠶᠢᠷᠠᠳ ᠳᠤ ᠤᠴᠢᠭᠰᠠᠨ ᠳᠤ ᠤᠶᠢᠷᠠᠳ ᠤᠨ ᠹᠸᠦᠲᠡᠯ ᠤᠨ ᠡᠵᠡᠨ ᠮᠠᠬᠠᠮᠤ ︵ᠪᠠᠳᠤᠯᠠ︶ ᠳᠤ ᠠᠯᠠᠭᠳᠠᠪᠠ᠃ ᠡᠭᠦᠨ ᠠᠴᠠ ᠤᠮᠠᠷᠠᠳᠤ ᠶᠤᠸᠠᠨ ᠤ ᠦᠶ᠎ᠡ ᠤᠯᠠᠷᠢᠭᠰᠠᠨ ᠬᠠᠭᠠᠨ ᠲᠠᠮᠠᠭ᠎ᠠ ᠤᠶᠢᠷᠠᠳ ᠤᠨ ᠭᠠᠷ ᠲᠤ ᠤᠷᠤᠵᠤ᠂ ᠲᠠᠲ᠋ᠠᠷ ᠠᠶᠢᠮᠠᠭ ᠳᠤᠷᠤᠶᠢᠲᠠᠨ ᠤᠶᠢᠷᠠᠳ ᠠᠶᠢᠮᠠᠭ ᠮᠠᠨᠳᠤᠵᠤ ᠡᠬᠢᠯᠡᠵᠡᠢ᠃ ᠮᠠᠬᠠᠮᠤ ︵ᠪᠠᠳᠤᠯᠠ︶ ᠲᠡᠯᠪᠡᠭ ᠢ ᠬᠠᠭᠠᠨ ᠤᠷᠤ ᠰᠠᠭᠤᠯᠭᠠᠨ ᠲᠡᠯᠪᠡᠭ ᠬᠠᠭᠠᠨ ᠬᠡᠮᠡᠪᠡ᠃      1414 ᠤᠨ ᠳᠤ ᠵᠦ ᠳ᠋ᠢ ᠬᠠᠭᠠᠨ ᠮᠦᠨ ᠲᠠᠪᠢᠨ ᠲᠦᠮᠡᠨ ᠴᠡᠷᠢᠭ ᠲᠠᠶᠢᠴᠢᠯᠠᠨ ᠴᠠᠪᠴᠢᠶᠠᠯ ᠪᠤᠭᠤᠮᠲᠠ ᠪᠠᠷ ᠭᠠᠷᠴᠤ ᠦᠨᠡᠭᠡᠨ ᠲᠠᠪᠠᠭ᠎ᠠ ᠶᠢ ᠲᠠᠪᠠᠭᠠᠳ ᠤᠶᠢᠷᠠᠳ ᠢ ᠳᠤᠪᠳᠤᠯᠪᠠ᠂ ᠲᠡᠭᠡᠭᠡᠳ ᠤᠯᠠᠭᠠᠨ ᠬᠤᠰᠢᠭᠤᠨ ︵ᠤᠳᠤ ᠶᠢᠨ ᠮᠤᠩᠭᠤᠯ ᠤᠯᠤᠰ ᠤᠨ ᠵᠡᠭᠦᠨ ᠪᠡᠶ᠎ᠡ ᠳᠤ ᠪᠤᠢ︶ ᠭᠡᠲᠡᠭ ᠭᠠᠵᠠᠷ ᠤᠶᠢᠷᠠᠳ ᠤᠨ ᠴᠡᠷᠢᠭ ᠢ ᠶᠡᠬᠡᠲᠡ ᠲᠡᠶᠢᠯᠵᠡᠢ᠃ ᠤᠶᠢᠷᠠᠳ ᠴᠡᠷᠢᠭ ᠬᠦᠨᠳᠦ ᠬᠤᠬᠢᠷᠠᠨ ᠬᠡᠲᠦᠨ ᠮᠢᠩᠭᠠᠨ ᠬᠦᠮᠦᠨ ᠠᠯᠠᠭᠳᠠᠵᠤ ᠮᠠᠬᠠᠮᠤ ︵ᠪᠠᠳᠤᠯᠠ︶᠂ ᠲᠡᠯᠪᠡᠭ᠂ ᠲᠠᠶᠢᠫᠢᠩ᠂ ᠪᠠᠳᠤᠪᠤᠯᠤᠳ ᠵᠡᠷᠭᠡ ᠬᠦᠮᠦᠰ ᠦᠯᠡᠳᠡᠭᠰᠡᠨ ᠴᠡᠷᠢᠭ ᠢᠶᠠᠨ ᠠᠪᠴᠤ ᠲᠤᠤᠯᠠ ᠭᠤᠤᠯ ᠵᠦᠭ ᠳᠤᠲᠠᠭᠠᠭᠰᠠᠨ  ᠳᠤ ᠮᠢᠩ ᠤᠯᠤᠰ ᠤᠨ ᠴᠡᠷᠢᠭ ᠭᠡᠲᠡᠷᠭᠦ ᠪᠤᠴᠠᠪᠠ᠃      1415 ᠤᠨ ᠳᠤ ᠲᠡᠯᠪᠡᠭ ᠬᠠᠭᠠᠨ ᠦᠬᠦᠵᠦ ᠡᠰᠡᠬᠦ ᠬᠠᠭᠠᠨ ᠰᠠᠭᠤᠵᠤ ᠤᠶᠠᠷᠳᠠᠢ ᠬᠠᠭᠠᠨ ᠭᠡᠪᠡ᠃1416 ᠤᠨ ᠳᠤ ᠠᠷᠤᠭᠳᠠᠢ᠂ ᠤᠶᠢᠷᠠᠳ ᠤᠨ ᠮᠠᠬᠠᠮᠤ ︵ᠪᠠᠳᠤᠯᠠ︶ ᠶᠢ ᠲᠠᠶᠢᠯᠪᠠ᠃ ᠮᠠᠬᠠᠮᠤ ᠦᠬᠦᠪᠡ᠃      1422 ᠤᠨ ᠳᠤ ᠵᠦ ᠳ᠋ᠢ ᠲᠠᠬᠢᠨ ᠪᠡᠶ᠎ᠡ ᠪᠠᠷ ᠠᠷᠤᠭᠳᠠᠢ ᠶᠢ ᠲᠠᠶᠢᠯᠠᠬᠤ ᠪᠠᠷ ᠮᠤᠷᠳᠠᠪᠠ᠃ ᠬᠦᠯᠦᠨ ᠨᠠᠭᠤᠷ  ᠤᠨ ᠤᠷᠴᠢᠮ ᠠᠷᠤᠭᠳᠠᠢ ᠶᠢᠨ ᠴᠡᠷᠢᠭ ᠢ ᠠᠮᠠᠳᠠᠨ ᠴᠤᠬᠢᠭᠰᠠᠨ ᠳᠤ ᠠᠷᠤᠭᠳᠠᠢ ᠲᠠᠶᠢᠨ ᠠᠴᠠ ᠵᠠᠶᠢᠯᠠᠨ ᠤᠮᠠᠷᠠᠰᠢ ᠪᠤᠷᠤᠭᠤᠯᠵᠠᠢ᠃ ᠮᠢᠩ ᠤᠯᠤᠰ ᠤᠨ ᠴᠡᠷᠢᠭ ᠠᠷᠤᠭᠳᠠᠢ ᠶᠢᠨ ᠪᠦᠬᠦᠶᠢᠯᠡ ᠮᠠᠯ ᠤᠨᠤᠭ᠎ᠠ᠂ ᠡᠳ᠋ ᠪᠤᠳᠠᠰ ᠢ ᠤᠯᠵᠠᠯᠠᠨ ᠠᠪᠴᠤ ᠴᠡᠷᠢᠭ ᠤᠨ ᠬᠡᠷᠡᠭᠰᠡᠯ ᠢ ᠨᠢ ᠭᠠᠯᠳᠠᠨ ᠰᠢᠲᠠᠭᠠᠭᠠᠳ ᠬᠡᠲᠡᠷᠬᠦ ᠪᠠᠨ ᠪᠤᠴᠠᠪᠠ᠃1423 ᠤᠨ ᠳᠤ ᠵᠦ ᠳ᠋ᠢ ᠲᠠᠬᠢᠨ ᠴᠡᠷᠢᠭ ᠬᠦᠲᠡᠯᠭᠡᠵᠦ ᠠᠷᠤᠭᠳᠠᠢ ᠶᠢ ᠲᠠᠶᠢᠯᠠᠬᠤ ᠪᠠᠷ ᠵᠠᠯᠠ ᠠᠭᠤᠯᠠᠨ ︵ᠤᠳᠤ ᠶᠢᠨ ᠦᠪᠦᠷ ᠮᠤᠩᠭᠤᠯ ᠤᠨ ᠰᠢᠩ ᠾᠧ ᠰᠢᠶᠠᠨ︶ ᠳᠤ ᠪᠤᠢ ᠳᠤ ᠲᠤᠯᠵᠤ ᠬᠦᠷᠦᠭᠰᠡᠨ ᠳᠤ ᠠᠷᠤᠭᠳᠠᠢ ᠬᠠᠯᠬ᠎ᠠ ᠭᠤᠤᠯ ᠦᠭᠡᠲᠡ ᠵᠢᠭᠤᠳᠠᠨ ᠶᠠᠪᠤᠪᠠ᠃1424 ᠤᠨ ᠳᠤ ᠵᠦ ᠳ᠋ᠢ ᠲᠠᠬᠢᠨ ᠴᠡᠷᠢᠭ ᠬᠦᠲᠡᠯᠭᠡᠵᠦ ᠬᠠᠯᠬ᠎ᠠ ᠭᠤᠤᠯ ᠳᠤ ᠨᠡᠬᠡᠮᠵᠢᠯᠡᠨ ᠬᠦᠷᠦᠭᠰᠡᠨ ᠳᠤ ᠠᠷᠤᠭᠳᠠᠢ ᠮᠢᠩ ᠤᠯᠤᠰ ᠤᠨ ᠴᠡᠷᠢᠭ ᠤᠨ ᠭᠤᠤᠯ ᠬᠦᠴᠦᠨ ᠠᠴᠠ ᠵᠠᠶᠢᠯᠠᠵᠤ᠂ ᠦᠪᠡᠷ ᠤᠨ ᠭᠤᠤᠯ ᠬᠦᠴᠦᠨ ᠢᠶᠠᠨ ᠬᠠᠮᠠᠭᠠᠯᠠᠬᠤ ᠪᠤᠳᠤᠯᠭ᠎ᠠ ᠶᠢ ᠠᠪᠴᠤ ᠲᠤᠭᠤᠷᠢᠨ ᠪᠠᠶᠢᠯᠳᠤᠭᠰᠠᠨ ᠳᠤ ᠮᠢᠩ ᠤᠯᠤᠰ ᠤᠨ ᠴᠡᠷᠢᠭ ᠬᠡᠲᠦᠢ ᠨᠡᠬᠡᠮᠵᠢᠯᠡᠨ ᠡᠷᠢᠭᠰᠡᠨ ᠪᠤᠯᠪᠠᠴᠤ ᠤᠭᠳᠤ ᠬᠠᠷᠭᠤᠬᠤ ᠦᠭᠡᠢ᠂ ᠬᠤᠭᠤᠯᠠ ᠬᠦᠨᠡᠰᠦ ᠨᠢ ᠲᠠᠰᠤᠷᠠᠭᠰᠠᠨ ᠢᠶᠠᠷ ᠬᠤᠶᠢᠰᠢ ᠪᠤᠴᠠᠪᠠ᠃ ᠲᠡᠭᠡᠭᠡᠳ ᠴᠡᠷᠢᠭ ᠡᠭᠡᠭᠡᠬᠦ ᠵᠠᠮ ᠵᠠᠭᠤᠷ᠎ᠠ ᠪᠠᠨ ᠤᠮᠠᠷᠠᠳᠤ ᠶᠤᠸᠠᠨ ᠤᠯᠤᠰ ᠢ ᠤᠯᠠᠨᠲᠠ ᠲᠠᠭᠠᠷᠢᠨ ᠲᠤᠪᠳᠤᠯᠵᠤ᠂ ᠮᠤᠩᠭᠤᠯ ᠤᠨ ᠠᠷᠠᠳ ᠲᠦᠮᠡᠨ ᠳᠤ ᠬᠡᠴᠡᠭᠦᠦ ᠶᠡᠭᠡ ᠭᠠᠮᠰᠢᠭ ᠲᠠᠷᠢᠭᠰᠠᠨ ᠬᠠᠷ᠎ᠠ ᠬᠢᠲᠠᠳ ᠤᠨ ᠵᠦ ᠳ᠋ᠢ᠂ ᠬᠠᠶᠢᠯᠠᠰᠤᠨ ᠲᠠᠯ᠎ᠠ ᠭᠡᠲᠡᠭ ᠭᠠᠵᠠᠷ ᠦᠬᠦᠪᠡ᠃ ᠮᠢᠩ ᠤᠯᠤᠰ ᠤᠨ ᠴᠧᠩᠽᠦ ᠬᠠᠭᠠᠨ ᠲᠦᠮᠡᠨ ᠭᠠᠵᠠᠷ ᠤᠨ ᠠᠯᠤᠰ ᠠᠴᠠ ᠴᠡᠷᠢᠭ ᠬᠦᠲᠡᠯᠭᠡᠨ ︿︿ᠤᠮᠠᠷᠠᠳᠤ ᠡᠯᠡᠰᠦᠨ ᠴᠦᠯ ᠳᠤ ᠡᠷᠭᠢᠴᠡᠨ ᠪᠠᠶᠢᠯᠳᠤᠵᠤ﹀﹀ ᠦᠯᠡᠮᠵᠢ ᠶᠡᠭᠡ ᠬᠦᠮᠦᠨ ᠤ ᠪᠠ ᠪᠤᠳᠠᠰ  ᠤᠨ ᠬᠦᠴᠦᠨ ᠢᠶᠠᠨ ᠰᠦᠢᠳᠬᠡᠭᠰᠡᠨ ᠪᠤᠯᠪᠠᠴᠤ ᠲᠠᠶᠢᠨ ᠤ ᠠᠮᠵᠢᠯᠳᠠ ᠨᠢ ᠲᠤᠶᠢᠯ ᠤᠨ ᠦᠴᠦᠬᠡᠨ ᠪᠠᠶᠢᠯ᠎ᠠ᠃ ᠤᠷᠢᠳ ᠬᠤᠵᠢᠳ ᠵᠢᠷᠭᠤᠭᠠᠨ ᠤᠳᠠᠭ᠎ᠠ ᠤᠮᠠᠷᠠᠰᠢ ᠲᠠᠶᠢᠯᠠᠭᠰᠠᠨ ᠲᠠᠶᠢᠨ ᠳᠤ ᠮᠢᠩ ᠤᠯᠤᠰ ᠵᠦᠪᠬᠡᠨ ᠨᠢᠭᠡᠯᠡ ᠤᠳᠠᠭ᠎ᠠ ᠢᠯᠠᠵᠠᠢ᠃ ᠪᠤᠰᠤᠳ ᠲᠠᠪᠤ ᠤᠳᠠᠭ᠎ᠠ ᠳᠤ ᠨᠢᠭᠡ ᠤᠳᠠᠭ᠎ᠠ ᠤᠮᠠᠷᠠᠳᠤ ᠶᠤᠸᠠᠨ ᠤᠯᠤᠰ ᠤᠨ ᠴᠡᠷᠢᠭ ᠲᠤ ᠪᠤᠲᠠᠷᠠᠲᠠᠯ᠎ᠠ ᠢᠯᠠᠭᠳᠠᠵᠤ᠂ ᠨᠢᠭᠡ ᠤᠳᠠᠭ᠎ᠠ ᠨᠢ ᠲᠡᠶᠢᠯᠦᠨ ᠲᠡᠶᠢᠯᠦᠭᠲᠡᠬᠦ ᠨᠢ ᠢᠯᠭᠠᠷᠠᠭᠰᠠᠨ ᠦᠭᠡᠢ ᠪᠦᠭᠡᠳ ᠪᠤᠰᠤᠳ ᠭᠤᠷᠪᠠᠨ ᠤᠳᠠᠭ᠎ᠠ ᠨᠢ ᠪᠦᠷ ᠤᠮᠠᠷᠠᠳᠤ ᠶᠤᠸᠠᠨ ᠤ ᠭᠤᠤᠯ ᠬᠦᠴᠦᠨ ᠴᠡᠷᠢᠭ ᠲᠠᠢ ᠬᠠᠷᠭᠤᠵᠤ ᠴᠢᠳᠠᠭᠰᠠᠨ ᠦᠭᠡᠢ ᠬᠤᠭᠤᠰᠤᠨ ᠡᠭᠡᠬᠦ ᠳᠤ ᠬᠦᠷᠴᠡᠢ᠃ ᠮᠢᠩ ᠤᠯᠤᠰ ᠤᠨ ᠴᠧᠩᠽᠦ ᠬᠠᠭᠠᠨ ᠠᠩᠬ᠎ᠠ ᠤᠳᠠᠭ᠎ᠠ ᠴᠡᠷᠢᠭ ᠬᠦᠲᠡᠯᠭᠡᠬᠦ ᠳᠡᠭᠡᠨ ᠭᠤᠷᠪᠠᠨ ᠲᠦᠮᠡᠨ ᠲᠡᠷᠭᠡ ᠬᠦᠲᠡᠯᠭᠡᠵᠦ ᠬᠤᠷᠢᠨ ᠲᠦᠮᠡᠨ ᠳ᠋ᠠᠨ ᠠᠮᠤ ᠪᠤᠳᠠᠭ᠎ᠠ ᠲᠡᠭᠡᠪᠦᠷᠢᠯᠡᠭᠰᠡᠨ ᠪᠠᠶᠢᠵᠠᠢ᠃ ᠭᠤᠷᠪᠠᠲᠠᠬᠢ ᠤᠳᠠᠭᠠᠨ ᠤ ᠬᠢᠭᠰᠡᠨ ᠬᠤᠯᠠ ᠶᠢᠨ ᠠᠶᠠᠨ ᠲᠠᠶᠢᠨ ᠳᠤ ᠡᠯᠵᠢᠭᠡ ᠯᠠᠭᠤᠰᠠ ᠭᠤᠴᠢᠨ ᠲᠦᠷᠪᠡᠨ ᠲᠦᠮᠡ ᠵᠠᠷᠤᠵᠤ ᠠᠷᠪᠠᠨ ᠲᠤᠯᠤᠭᠠᠨ ᠲᠦᠮᠡ ᠲᠤᠯᠤᠭᠠᠨ ᠮᠢᠩᠭ᠎ᠠ ᠲᠠᠪᠤᠨ ᠵᠠᠭᠤ ᠲᠠᠯᠠᠨ ᠭᠤᠷᠪᠠᠨ ᠲᠡᠷᠭᠡ ᠬᠦᠰᠬᠡ ᠬᠦᠳᠡᠯᠭᠡᠨ᠂ ᠬᠤᠷᠢᠨ ᠭᠤᠷᠪᠠᠨ ᠲᠦᠮᠡ ᠲᠠᠪᠤᠨ ᠮᠢᠩᠭ᠎ᠠ ᠨᠢᠭᠡ ᠵᠠᠭᠤ ᠲᠦᠴᠢᠨ ᠵᠢᠷᠭᠤᠭᠠᠨ ᠲᠡᠭᠡᠭᠡᠪᠦᠷᠢ ᠶᠢᠨ ᠠᠷᠠᠳ᠂ ᠭᠤᠴᠢᠨ ᠲᠤᠯᠤᠭᠠᠨ ᠲᠦᠮᠡᠨ ᠳ᠋ᠠᠨ ᠠᠮᠤ ᠪᠤᠳᠠᠭ᠎ᠠ ᠲᠡᠭᠡᠭᠡᠪᠦᠷᠢᠯᠡᠨ ᠬᠠᠮᠠᠭᠠᠯᠠᠯᠲᠠ ᠳᠤ ᠮᠤᠷᠢᠲᠤ ᠴᠡᠷᠢᠭ ᠮᠢᠩᠭ᠎ᠠ᠂ ᠶᠠᠪᠠᠭᠠᠨ ᠴᠡᠷᠢᠭ ᠲᠠᠪᠤᠨ ᠮᠢᠩᠭ᠎ᠠ ᠤᠷᠤᠯᠴᠠᠵᠠᠢ᠃      ︵ᠦᠷᠭᠦᠯᠵᠢᠯᠡᠯ ᠪᠤᠢ︶
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号