ᠤᠮᠠᠷᠠᠲᠤ ᠶᠤᠸᠠᠨ ᠤ ᠲᠡᠦᠬᠡ ︵ᠵᠢᠷᠭᠤᠭ᠎ᠠ︶
ᠨᠡᠶᠢᠲᠡᠯᠡᠭᠰᠡᠨ ᠴᠠᠭ᠄
2020/11/4
     ᠤᠷᠢᠶᠠᠩᠬᠠᠢ ᠪᠤᠯ ᠮᠤᠩᠭᠤᠯ ᠤᠨ ᠡᠷᠳᠡᠨ ᠤ ᠨᠢᠭᠡ ᠠᠶᠢᠮᠠᠭ ᠤᠨ ᠨᠡᠷᠡᠶᠢᠳᠦᠯ ᠪᠤᠯᠤᠨ᠎ᠠ᠃ ᠨᠡᠶᠢᠳᠡ ᠶᠢᠨ ᠤᠨ ᠲᠤᠭᠠᠯᠠᠯ ᠤᠨ ᠶᠢᠰᠦ᠂ ᠠᠷᠪᠠᠳᠤᠭᠠᠷ ᠵᠠᠭᠤᠨ ᠤ ᠦᠶ᠎ᠡ ᠪᠠᠷ ᠤᠷᠢᠶᠠᠩᠬᠠᠢ ᠠᠶᠢᠮᠠᠭ ᠨᠢᠭᠡᠨᠳᠡ ᠪᠤᠷᠬᠠᠨ ᠬᠠᠯᠳᠤᠨ ᠠᠭᠤᠯᠠ᠂ ᠤᠨᠤᠨ᠂ ᠭᠡᠷᠡᠯᠦᠨ ᠮᠦᠷᠡᠨ ᠤ ᠤᠷᠴᠢᠮ ᠢᠶᠠᠷ ᠨᠤᠳᠤᠭᠰᠢᠵᠤ ᠪᠠᠶᠢᠵᠠᠢ᠃ ᠤᠷᠢᠶᠠᠩᠬᠠᠢ ᠠᠶᠢᠮᠠᠭ ᠨᠢ ᠠᠯᠢ ᠡᠷᠳᠡ ᠪᠤᠳᠤᠨᠴᠢᠷ ᠤᠨ ᠦᠶ᠎ᠡ ᠠᠴᠠ ᠡᠬᠢᠯᠡᠨ ᠴᠢᠩᠬᠢᠰ ᠤᠨ ᠪᠤᠷᠵᠢᠭᠢᠨ ᠤᠪᠤᠭᠳᠠᠨ ᠲᠠᠢ ᠤᠷᠤᠭ ᠬᠤᠳᠠ ᠪᠤᠯᠤᠯᠴᠠᠨ ᠳᠤᠳᠤᠨᠤ ᠬᠠᠷᠢᠴᠠᠭ᠎ᠠ ᠲᠠᠢ ᠪᠠᠶᠢᠯᠴᠠᠵᠠᠢ᠃ ᠴᠢᠩᠭᠢᠰ ᠬᠠᠭᠠᠨ ᠤ ᠳᠤᠳᠤᠨᠤ ᠨᠦᠬᠦᠷ ᠬᠤᠰᠢᠭᠤᠴᠢ ᠵᠠᠩᠵᠤᠨ ᠵᠠᠯᠮ᠎ᠠ ᠪᠤᠯ ᠲᠠᠷᠤᠢ ᠪᠤᠷᠬᠠᠨ ᠬᠠᠯᠳᠤᠨ ᠤ ᠬᠠᠪᠢ ᠪᠠᠷ ᠨᠤᠳᠤᠭᠯᠠᠵᠤ ᠪᠠᠶᠢᠭᠰᠠᠨ ᠤᠷᠢᠶᠠᠩᠬᠠᠢ ᠬᠦᠮᠦᠨ ᠮᠦᠨ᠃      ᠤᠷᠢᠶᠠᠩᠬᠠᠶᠢᠴᠤᠳ ᠢ ᠤᠢ ᠶᠢᠨ ᠤᠷᠢᠶᠠᠩᠬᠠᠢ ᠪᠠ ᠲᠠᠯ᠎ᠠ ᠶᠢᠨ ᠤᠷᠢᠶᠠᠩᠬᠠᠢ ᠭᠡᠵᠦ ᠬᠤᠶᠠᠷ ᠵᠦᠢᠯ ᠢᠶᠠᠷ ᠠᠩᠬᠢᠯᠠᠳᠠᠭ᠃ ᠤᠷᠢᠶᠠᠩᠬᠠᠢ ᠠᠶᠢᠮᠠᠭ ᠤᠨ ᠰᠦᠪᠡᠭᠡᠳᠡᠢ ᠪᠠᠭᠠᠳᠤᠷ ᠪᠤᠯᠤᠨ ᠲᠡᠭᠦᠨ ᠤ ᠬᠦᠪᠡᠭᠦᠨ ᠤᠷᠢᠶᠠᠩᠬᠠᠳᠠᠢ ᠵᠢᠴᠢ ᠤᠴᠢ ᠬᠦᠪᠡᠭᠦᠨ ᠠᠵᠤ ᠤᠷᠢᠳ ᠬᠤᠵᠢᠳ ᠴᠢᠩᠭᠢᠰ ᠬᠠᠭᠠᠨ ᠬᠢᠭᠡᠳ ᠲᠡᠭᠦᠨ ᠤ ᠵᠠᠯᠭᠠᠮᠵᠢᠯᠠᠭᠴᠢᠳ ᠢ ᠳᠠᠭᠠᠯᠳᠤᠨ ᠡᠮᠦᠨᠡᠰᠢ ᠤᠮᠠᠷᠠᠰᠢ ᠳᠤᠪᠳᠤᠯᠤᠨ ᠪᠠᠶᠢᠯᠳᠤᠵᠤ᠂ ᠦᠯᠡᠮᠵᠢ ᠶᠡᠭᠡ ᠲᠠᠶᠢᠨ ᠤ ᠭᠠᠪᠢᠶ᠎ᠠ ᠲᠠᠶᠢᠴᠢᠨ ᠵᠢᠳᠬᠦᠯ ᠭᠠᠷᠭᠠᠭᠰᠠᠨ ᠶᠤᠮ᠃      ᠶᠤᠸᠠᠨ ᠤᠯᠤᠰ ᠤᠨ ᠡᠬᠢᠨ ᠤ ᠦᠶ᠎ᠡ ᠪᠠᠷ ᠤᠷᠢᠶᠠᠩᠬᠠᠶᠢᠴᠤᠳ ᠵᠡᠭᠦᠨ ᠳᠤ ᠬᠠᠷᠠᠮᠦ᠋ᠷᠡᠨ ᠠᠴᠠ ᠪᠠᠷᠠᠭᠤᠨᠰᠢᠬᠢ ᠡᠷᠴᠢᠰ ᠭᠤᠤᠯ ᠤᠨ ᠤᠷᠤᠰᠬᠠᠯ ᠳᠠᠭᠠᠤ ᠤᠷᠤᠨ ᠤ ᠬᠦᠨ ᠤᠢ ᠠᠭᠤᠳᠠᠮ ᠲᠠᠯ᠎ᠠ ᠪᠠᠷ ᠨᠡᠭᠦᠳᠡᠯ ᠮᠠᠯᠵᠢᠯ ᠢᠶᠠᠷ ᠠᠮᠢᠳᠤᠷᠠᠵᠤ ᠪᠠᠶᠢᠪᠠ᠃ ᠬᠤᠪᠢᠯᠠᠢ ᠰᠡᠴᠡᠨ ᠬᠠᠭᠠᠨ ᠤᠷᠤᠰᠤᠳ᠂ ᠬᠠᠩᠬᠠᠨᠠᠰ᠂ ᠬᠢᠷᠬᠢᠰ ᠭᠤᠷᠪᠠᠨ ᠤᠷᠢᠶᠠᠩᠬᠠᠢ ᠠᠶᠢᠮᠠᠭ ᠤᠨ ᠬᠦᠮᠦᠨ ᠳᠤ ᠵᠤᠤᠵᠸᠦ ︵ᠤᠳᠤ ᠶᠢᠨ ᠭᠢᠷᠢᠨ ᠮᠤᠵᠢ ᠶᠢᠨ ᠳ᠋ᠠ ᠠᠨ ᠰᠢᠶᠠᠨ ᠤ ᠬᠢᠵᠠᠭᠠᠷ ᠲᠤ ᠪᠤᠢ︶ ᠬᠤᠳᠠ ᠶᠢ ᠪᠠᠶᠢᠭᠤᠯᠤᠨ ᠦᠭᠴᠦ ᠰᠠᠭᠤᠷᠢᠰᠢᠭᠤᠯᠵᠠᠢ᠃ ᠡᠨᠡᠬᠦ ᠭᠤᠷᠪᠠᠨ ᠠᠶᠢᠮᠠᠭ ᠨᠢ ᠳᠤᠶᠤᠨ ᠬᠠᠷᠠᠭᠤᠯ ᠤᠷᠢᠶᠠᠩᠬᠠᠶᠢᠴᠤᠳ ᠤᠨ ᠰᠢᠨ᠎ᠡ ᠪᠦᠷᠢᠯᠳᠦᠭᠦᠨ ᠬᠡᠰᠡᠭ ᠮᠦᠨ᠃ ᠡᠭᠦᠨ ᠤ ᠳᠤᠳᠤᠷᠠᠬᠢ ᠮᠢᠩᠭᠠᠨ ᠡᠷᠦᠬᠡ ᠨᠢ ᠴᠢᠩᠭᠢᠰ ᠬᠠᠭᠠᠨ ᠤ ᠤᠩᠭᠤᠨ ᠢ ᠰᠠᠬᠢᠭᠴᠢᠳ ᠪᠤᠯᠤᠨ᠎ᠠ᠃ ᠳᠡᠲᠡᠨ ᠤ ᠬᠤᠶᠢᠴᠢᠰ ᠴᠦ ᠡᠯ᠎ᠡ ᠦᠶ᠎ᠡ ᠶᠢᠨ ᠮᠤᠩᠭᠤᠯ  ᠤᠨ ᠬᠠᠭᠠᠳ ᠤᠨ ᠬᠡᠭᠦᠷ ᠪᠤᠩᠬᠤᠨ ᠢ ᠰᠠᠬᠢᠨ ᠬᠠᠮᠠᠭᠠᠯᠠᠬᠤ ᠡᠭᠦᠷᠭᠡ ᠶᠢ ᠬᠠᠷᠢᠭᠤᠴᠠᠵᠤ ᠪᠠᠶᠢᠪᠠ᠃      ᠠᠷᠪᠠᠨ ᠭᠤᠷᠪᠠᠳᠤᠭᠠᠷ ᠵᠠᠭᠤᠨ ᠤ ᠰᠡᠭᠦᠯᠴᠢ ᠪᠠᠷ ᠤᠷᠢᠶᠠᠩᠬᠠᠶᠢᠴᠤᠳ ᠤᠨ ᠨᠤᠳᠤᠭᠰᠢᠵᠤ ᠪᠠᠶᠢᠭᠰᠠᠨ ᠡᠬᠡ ᠳᠤᠶᠤᠨ ᠠᠭᠤᠯᠠ ᠪᠠ ᠴᠤᠭᠤᠷ ᠭᠤᠤᠯ ᠤᠨ ᠤᠷᠤᠰᠬᠠᠯ ᠳᠠᠭᠠᠤ ᠤᠷᠤᠨ ᠢᠶᠠᠷ ᠪᠠᠶᠢᠭᠠᠯᠢ ᠶᠢᠨ ᠭᠠᠮᠰᠢᠭ ᠬᠡᠴᠡᠭᠦᠳᠡᠨ ᠠᠳᠠᠯ ᠠᠮᠢᠳᠤᠷᠠᠯ ᠨᠢ ᠳᠤᠷᠤᠶᠢᠳᠠᠨ ᠪᠡᠷᠬᠡ ᠵᠦᠲᠡᠭᠦᠷᠢ ᠪᠤᠯᠤᠭᠰᠠᠨ ᠢᠶᠠᠷ ᠨᠢᠭᠡ ᠪᠦᠯᠦᠭ ᠤᠷᠢᠶᠠᠩᠬᠠᠶᠢᠴᠤᠳ ᠠᠷᠭ᠎ᠠ ᠪᠤᠰᠤ ᠵᠡᠭᠦᠨ ᠡᠮᠦᠨᠡᠰᠢ ᠪᠠᠨ ᠨᠡᠭᠦᠵᠦ ᠶᠠᠪᠤᠭᠰᠠᠨ ᠪᠦᠭᠡᠳ ᠠᠷᠪᠠᠨ ᠲᠦᠷᠪᠡᠲᠦᠭᠡᠷ ᠵᠠᠭᠤᠨ ᠤ ᠰᠡᠭᠦᠯᠴᠢ ᠪᠠᠷ ᠲᠠᠬᠢᠨ ᠡᠮᠦᠨᠡᠰᠢ ᠨᠡᠭᠦᠳᠡᠯᠯᠡᠨ ᠰᠢᠷᠠᠮᠦᠷᠠᠨ ᠠᠴᠠ ᠤᠮᠠᠷᠠᠰᠢᠬᠢ ᠤᠷᠤᠨ ᠳᠤ ᠬᠦᠷᠴᠦ ᠤᠶᠢᠷᠠᠳ᠂ ᠲᠠᠲ᠋ᠠᠷ ᠵᠢᠶᠡᠨ ᠵᠸᠦ ᠶᠢᠨ ᠵᠦᠷᠴᠢᠨ ᠵᠡᠷᠭᠡ ᠭᠤᠷᠪᠠᠨ ᠪᠦᠯᠦᠭ ᠤᠨ ᠲᠤᠮᠳᠠ ᠤᠷᠤᠰᠢᠨ ᠰᠠᠭᠤᠷᠢᠰᠢᠪᠠ᠃ ᠡᠬᠢᠨ ᠳᠡᠭᠡᠨ ᠤᠷᠢᠶᠠᠩᠬᠠᠶᠢᠴᠤᠳ ᠤᠨ ᠬᠦᠴᠦᠨ ᠪᠠᠭᠤᠷᠠᠢ ᠪᠠᠶᠢᠵᠤ᠂ ᠮᠢᠩ ᠤᠯᠤᠰ ᠪᠤᠯᠤᠨ ᠵᠦᠷᠴᠢᠨ᠂ ᠲᠠᠲ᠋ᠠᠷ᠂ ᠤᠶᠢᠷᠠᠳ ᠵᠡᠷᠭᠡ ᠶᠡᠭᠡ ᠬᠦᠴᠦᠨ ᠤ ᠳᠤᠮᠳᠠ ᠬᠠᠪᠴᠢᠭᠳᠠᠨ ᠲᠠᠲᠠᠨᠤᠰ ᠲᠤ ᠡᠶᠡᠯᠳᠦᠨ ᠳᠠᠭᠠᠬᠤ ᠪᠤᠶᠤ ᠡᠪᠰᠡᠨ ᠬᠤᠯᠪᠤᠭᠠᠯᠠᠬᠤ ᠬᠡᠷᠡᠭᠲᠡᠢ ᠪᠠᠶᠢᠭᠰᠠᠨ ᠪᠤᠯᠪᠠᠴᠤ ᠰᠡᠭᠦᠯᠡᠷ ᠨᠢ ᠢᠲᠡᠭ ᠢᠲᠡᠭ ᠢᠶᠠᠷ ᠬᠦᠴᠦᠷᠬᠡᠭᠵᠢᠭᠰᠡᠭᠡᠷ ᠪᠠᠶᠢᠭᠠᠳ ᠯᠢᠶᠦᠦᠳᠦ᠋ᠩ ᠤᠷᠤᠨ ᠳᠤ ᠳᠤᠷᠠᠪᠠᠷ ᠤᠷᠤᠩᠨᠠᠬᠤ ᠪᠤᠯᠤᠭᠠᠳ ᠡᠴᠦᠰ ᠲᠤ ᠮᠢᠩ ᠤᠯᠤᠰ ᠤᠨ ᠵᠡᠭᠦᠨ ᠬᠢᠵᠠᠭᠠᠷ ᠤᠨ ᠰᠦᠷᠲᠡᠭᠦᠯᠦᠯ ᠪᠤᠯᠤᠭᠰᠠᠨ ᠪᠠᠶᠢᠨ᠎ᠠ᠃ ᠤᠤᠯ ᠭᠤᠯᠤᠮᠳᠠ ᠨᠤᠳᠤᠭ ᠲᠠᠭᠠᠨ ᠬᠤᠴᠤᠷᠤᠭᠰᠠᠨ ᠨᠦᠭᠦᠭᠡ ᠪᠦᠯᠦᠭ ᠤᠷᠢᠶᠠᠩᠬᠠᠶᠢᠴᠤᠳ ᠤᠮᠠᠷᠠᠳᠠᠬᠢᠨ ᠪᠤᠯᠤᠨ ᠦᠷᠦᠨᠡᠳᠡᠬᠢᠨ ᠳᠤ ᠰᠢᠷ᠎ᠠ ᠦᠰᠦᠲᠦ ᠲᠠᠲ᠋ᠠᠷ ᠬᠡᠮᠡᠨ ᠠᠯᠳᠠᠷᠰᠢᠵᠤ᠂ ᠲᠠᠶᠠᠨ ᠬᠠᠭᠠᠨ ᠤ ᠦᠶ᠎ᠡ ᠳᠤ ᠵᠢᠷᠭᠤᠭᠠᠨ ᠲᠦᠮᠡᠨ ᠤ ᠨᠢᠭᠡ ᠨᠢ ᠪᠤᠯᠵᠠᠢ᠃ ᠰᠡᠭᠦᠯ ᠳᠤ ᠨᠢ ᠪᠤᠳᠢ ᠠᠯᠠᠭ ᠬᠠᠭᠠᠨ ᠪᠤᠯᠤᠨ ᠠᠯᠲᠠᠨ ᠬᠠᠨ ᠤ ᠦᠶ᠎ᠡ ᠳᠤ ᠤᠷᠪᠠᠯᠭᠠᠨ ᠭᠠᠷᠭᠠᠭᠰᠠᠨ ᠢᠶᠠᠷ ᠬᠡᠲᠦ ᠤᠳᠠᠭ᠎ᠠ ᠲᠠᠷᠤᠩᠭᠤᠶᠢᠯᠠᠭᠳᠠᠨ ᠬᠡᠰᠡᠭᠯᠡᠨ ᠬᠤᠪᠢᠶᠠᠭᠳᠠᠵᠠᠢ᠃      1338 ᠤᠨ ᠳᠤ ᠮᠢᠩ ᠤᠯᠤᠰ ᠤᠨ ᠵᠠᠩᠵᠤᠨ ᠤᠮᠠᠷᠠᠰᠢ ᠮᠤᠷᠳᠠᠵᠤ ᠭᠤᠪᠢ ᠶᠢᠨ ᠠᠷᠤ ᠶᠢ ᠲᠦᠪᠰᠢᠳᠬᠡᠬᠦ  ᠪᠠᠷ ᠬᠦᠳᠡᠯᠵᠡᠢ᠃ ᠤᠮᠠᠷᠠᠳᠤ ᠶᠤᠸᠠᠨ ᠤᠯᠤᠰ ᠤᠨ ᠯᠢᠶᠤᠤ ᠸᠠᠩ ᠠᠵᠠᠰᠢᠷᠢ ᠪᠤᠯᠤᠨ ᠲᠠᠢ ᠸᠧᠢ ᠲᠦᠰᠢᠮᠡᠯ ᠨᠠᠬᠠᠴᠤ ᠨᠠᠷ ᠮᠢᠩ ᠤᠯᠤᠰ ᠲᠤ ᠪᠠᠭᠤᠨ ᠦᠭᠭᠦᠭᠰᠡᠨ ᠳᠤ ᠯᠢᠶᠦᠦᠳᠦ᠋ᠩ ᠤᠷᠤᠨ ᠲᠦᠪᠰᠢᠷᠡᠵᠡᠢ᠃1389 ᠤᠨ ᠳᠤ ᠮᠢᠩ ᠤᠯᠤᠰ ᠤᠨ ᠲᠠᠶᠢᠽᠦ ᠬᠠᠭᠠᠨ ᠵᠠᠷᠯᠢᠭ ᠪᠠᠭᠤᠯᠭᠠᠨ ᠲᠠᠢ ᠨᠢᠩ ︵ᠤᠳᠤ ᠶᠢᠨ ᠭᠢᠷᠢᠨ ᠮᠤᠵᠢ ᠶᠢᠨ ᠲᠤᠤ ᠨᠠᠨ ᠤᠷᠴᠢᠮ︶ ᠹᠦ᠋ ᠢᠦᠢ ︵ᠤᠳᠤ ᠶᠢᠨ ᠬᠠᠷᠠᠮᠦ᠋ᠷᠡᠨ ᠮᠤᠵᠢ ᠶᠢᠨ ᠴᠢᠴᠢᠬᠠᠷ ᠤᠷᠴᠢᠮ︶ ᠳᠤᠶᠤᠨ ︵ᠤᠳᠤ ᠶᠢᠨ ᠦᠪᠦᠷ ᠮᠤᠩᠭᠤᠯ  ᠤᠨ ᠵᠠᠶᠢᠯᠠᠳ ᠬᠤᠰᠢᠭᠤ ᠤᠷᠴᠢᠮ︶ ᠵᠡᠷᠭᠡ ᠭᠠᠵᠠᠷ ᠲᠤ ᠤᠷᠢᠶᠠᠩᠬᠠᠢ ᠶᠢᠨ ᠭᠤᠷᠪᠠᠨ ᠬᠠᠷᠠᠭᠤᠯ ᠢ ᠪᠠᠶᠢᠭᠤᠯᠪᠠ᠃ ᠡᠨᠡᠬᠦ ᠭᠤᠷᠪᠠᠨ ᠬᠠᠷᠠᠭᠤᠯ ᠤᠨ ᠳᠤᠲᠤᠷ᠎ᠠ ᠭᠠᠭᠴᠠ ᠳᠤᠶᠤᠨ ᠬᠠᠷᠠᠭᠤᠯ ᠯᠠ ᠵᠢᠩᠭᠢᠨᠢ ᠤᠷᠢᠶᠠᠩᠬᠠᠢ ᠬᠦᠮᠦᠨ ᠪᠠᠶᠢᠵᠠᠢ᠃ ᠳᠤᠶᠤᠨ ᠬᠠᠷᠠᠭᠤᠯ ᠤᠷᠢᠶᠠᠩᠬᠠᠢ ᠶᠢᠨ ᠬᠠᠮᠤᠭ ᠬᠦᠴᠦᠷᠬᠡᠭ ᠪᠠᠶᠢᠵᠤ ᠤᠷᠢᠶᠠᠩᠬᠠᠶᠢᠴᠤᠳ ᠤᠨ ᠭᠤᠤᠯ ᠴᠤᠭᠴᠠ ᠪᠤᠯᠵᠤ ᠪᠠᠶᠢᠯ᠎ᠠ᠃ ᠵᠠᠬᠢᠷᠤᠭᠴᠢ ᠨᠢ ᠲᠤᠷᠬᠤᠴᠠᠷ ᠭᠡᠳᠡᠭ᠃ ᠡᠶᠢᠨᠬᠦ ᠤᠷᠢᠶᠠᠩᠬᠠᠢ ᠶᠢᠨ ᠭᠤᠷᠪᠠᠨ ᠬᠠᠷᠠᠭᠤᠯ ᠢ ᠪᠠᠰᠠ ᠳᠤᠶᠤᠨ ᠤ ᠭᠤᠷᠪᠠᠨ ᠬᠠᠷᠠᠭᠤᠯ ᠭᠡᠳᠡᠭ᠃ ᠤᠷᠢᠶᠠᠩᠬᠠᠢ ᠶᠢᠨ ᠭᠤᠷᠪᠠᠨ ᠬᠠᠷᠠᠭᠤᠯ ᠨᠢ ᠮᠢᠩ ᠤᠯᠤᠰ ᠲᠠᠢ ᠬᠢᠵᠠᠭᠠᠷ ᠨᠡᠶᠢᠯᠡᠵᠦ ᠪᠠᠶᠢᠭᠰᠠᠨ ᠠᠴᠠ ᠮᠢᠩ ᠤᠯᠤᠰ ᠨᠢᠩ ᠸᠠᠩ ᠵᠦ ᠴᠢᠦᠸᠡᠨ ᠢ ᠳ᠋ᠠ ᠨᠢᠩ ︵ᠦᠪᠦᠷ ᠮᠤᠩᠭᠤᠯ ᠤᠨ ᠨᠢᠩᠴᠧᠩ ᠰᠢᠶᠠᠨ︶ ᠪᠠᠯᠭᠠᠰᠤᠨ ᠳᠤ ᠰᠠᠭᠤᠯᠭᠠᠨ ᠰᠠᠬᠢᠨ ᠬᠠᠮᠠᠭᠠᠯᠠᠭᠤᠯᠵᠤ ᠪᠠᠶᠢᠪᠠ᠃ ᠭᠡᠪᠡᠴᠦ ᠭᠤᠷᠪᠠᠨ ᠬᠠᠷᠠᠭᠤᠯ  ᠤᠨ ᠲᠦᠷᠦᠭᠦᠴᠦᠳ ᠦᠷᠭᠦᠯᠵᠢ ᠲᠡᠭᠦᠨ ᠤ ᠵᠠᠬᠢᠷᠤᠯ ᠢ ᠦᠯᠦ ᠰᠤᠨᠤᠰᠤᠨ ᠮᠢᠩ ᠤᠯᠤᠰ ᠢ ᠡᠴᠦᠰᠳᠡᠯ᠎ᠡ ᠲᠠᠢ ᠨᠢᠩ᠂ ᠹᠦ᠋ ᠢᠦᠢ ᠨᠢ ᠦᠷᠭᠦᠯᠵᠢ ᠵᠡᠭᠦᠨᠰᠢ ᠬᠤᠯᠪᠤᠭᠠᠯᠠᠨ ᠳᠤᠶᠤᠨ ᠨᠢ ᠪᠠᠷᠠᠭᠤᠨᠰᠢ ᠬᠤᠯᠪᠤᠭᠠᠯᠠᠵᠤ ᠮᠢᠩ ᠤᠨ ᠬᠢᠵᠠᠭᠠᠷ ᠢ ᠲᠦᠢᠪᠡᠭᠡᠵᠦ ᠪᠠᠶᠢᠭᠰᠠᠨ᠃      ᠮᠢᠩ ᠤᠯᠤᠰ ᠤᠨ ᠴᠧᠩᠽᠦ ᠬᠠᠭᠠᠨ ᠰᠠᠭᠤᠷᠢᠨ ᠳᠤ ᠭᠠᠷᠤᠭᠰᠠᠨ ᠤ ᠳᠠᠷᠠᠭ᠎ᠠ ᠨᠢᠩ ᠸᠠᠩ ᠵᠦ ᠴᠢᠦᠸᠡᠨ ᠢ ᠵᠢᠶᠠᠩᠰᠢ ᠳᠤ ᠰᠢᠯᠵᠢᠭᠦᠯᠵᠦ ᠳ᠋ᠠ ᠨᠢᠩ ᠤᠨ ᠤᠤᠯ ᠤᠨ ᠵᠠᠬᠢᠷᠤᠯ ᠢ ᠦᠭᠡᠶᠢᠰᠬᠡᠨ ᠳ᠋ᠠ ᠨᠢᠩ ᠤᠨ ᠤᠤᠯ ᠤᠨ ᠵᠠᠬᠢᠷᠤᠯ  ᠤᠨ ᠭᠠᠵᠠᠷ ᠢ ᠦᠭᠡᠶᠢᠰᠬᠡᠨ ᠳ᠋ᠠ ᠨᠢᠩ ᠤᠨ ᠬᠠᠮᠢᠶᠠᠷᠴᠦ ᠪᠠᠶᠢᠭᠰᠠᠨ ᠭᠠᠵᠠᠷ ︵ᠤᠳᠤ ᠶᠢᠨ ᠾᠧᠪᠸᠢ ᠶᠢᠨ ᠫᠢᠩᠴᠤᠸᠠᠨ᠂ ᠦᠪᠦᠷ ᠮᠤᠩᠭᠤᠯ ᠤᠨ ᠤᠯᠠᠭᠠᠨᠬᠠᠳᠠ᠂ ᠯᠢᠶᠤᠤᠨᠢᠩ ᠤᠨ ᠴᠤᠤ ᠶᠠᠩ ᠵᠡᠷᠭᠡ ᠭᠠᠵᠠᠷ︶ ᠢ ᠤᠷᠢᠶᠠᠩᠬᠠᠢ  ᠶᠢᠨ ᠭᠤᠷᠪᠠᠨ ᠬᠠᠷᠠᠭᠤᠯ ᠳᠤ ᠳᠤᠰᠢᠶᠠᠨ ᠦᠭᠴᠦ ᠵᠠᠬᠢᠷᠤᠭᠤᠯᠤᠭᠠᠳ ᠴᠧᠩᠽᠦ ᠬᠠᠭᠠᠨ ᠤ ᠰᠠᠭᠤᠷᠢᠨ ᠪᠤᠯᠢᠶᠠᠬᠤ ᠤᠴᠢᠷ ᠲᠤ ᠭᠤᠷᠪᠠᠨ ᠬᠠᠷᠠᠭᠤᠯ ᠤᠨ ᠹᠸᠦᠲᠡᠯ ᠤᠨ ᠡᠵᠡᠳ ᠤᠨ ᠪᠠᠶᠢᠯᠳᠤᠭᠠᠨ ᠳᠤ ᠮᠤᠷᠳᠠᠭᠰᠠᠨ ᠠᠴᠢ ᠭᠠᠪᠢᠶ᠎ᠠ ᠶᠢ ᠬᠠᠷᠢᠭᠤᠯᠵᠠᠢ᠃ ᠲᠡᠭᠡᠭᠡᠳ ᠶᠤᠸᠠᠨ ᠤᠯᠤᠰ ᠤᠨ ᠰᠤᠷᠪᠤᠯᠵᠢᠳᠤ ᠤᠭᠰᠠᠭ᠎ᠠ ᠠᠵᠠᠰᠢᠷᠢ ᠶᠢ ᠲᠠᠢ ᠨᠢᠩ ᠬᠠᠷᠠᠭᠤᠯ ᠤᠨ ᠵᠠᠬᠢᠷᠤᠭᠴᠢ᠂ ᠲᠠᠪᠢᠲᠡᠮᠦᠷ ᠢ ᠮᠡᠲᠡᠭᠴᠢ ᠲᠠᠯᠪᠢᠵᠤ᠂ ᠬᠠᠶᠢᠰᠠᠨᠨᠠᠳᠠᠰᠢ ᠶᠢ ᠹᠦ᠋ ᠢᠦᠢ ᠬᠠᠷᠠᠭᠤᠯ ᠤᠨ ᠵᠠᠬᠢᠷᠤᠭᠴᠢ ᠶᠢᠨ ᠬᠠᠮᠳᠤ ᠮᠡᠲᠡᠭᠴᠢ᠂ ᠲᠤᠷᠬᠤᠴᠠᠷ ᠢ ᠲᠤᠶᠤᠨ ᠬᠠᠷᠠᠭᠤᠯ ᠤᠨ ᠵᠠᠬᠢᠷᠤᠭᠴᠢ ᠶᠢᠨ ᠬᠠᠮᠳᠤ ᠮᠡᠲᠡᠭᠴᠢ ᠪᠠᠷ ᠲᠤᠮᠢᠯᠠᠪᠠ᠂ ᠡᠯ᠎ᠡ ᠠᠶᠢᠮᠠᠭ ᠤᠨ ᠠᠬᠠᠯᠠᠭᠴᠢ ᠨᠠᠷ ᠲᠤ ᠨᠢ ᠳ᠋ᠦᠳᠦ᠋᠂ ᠵᠠᠬᠢᠷᠤᠭᠴᠢ᠂ ᠮᠢᠩᠭᠠᠳᠤ᠂ ᠵᠠᠭᠤᠳᠤ ᠶᠢᠨ ᠨᠤᠶᠠᠨ ᠡᠷᠭᠦᠮᠵᠢᠯᠡᠪᠡ᠃ ᠡᠳᠡᠭᠡᠷ ᠨᠢ ᠮᠢᠩ ᠤᠯᠤᠰ ᠤᠨ ᠬᠠᠭᠠᠨᠳᠤ ᠲᠦᠷᠦ ᠶᠢᠨ ᠮᠤᠩᠭᠤᠯ ᠤᠨ ᠡᠯ᠎ᠡ ᠠᠶᠢᠮᠠᠭ ᠢ ᠬᠠᠷᠢᠯᠴᠠᠨ ᠵᠠᠶᠢᠳᠠᠭᠤᠯᠵᠤ᠂ ᠳᠤᠰ ᠳᠤᠰ ᠢᠶᠠᠷ ᠨᠢ ᠵᠠᠳᠠᠷᠠᠭᠤᠯᠬᠤ ᠪᠤᠳᠤᠯᠭ᠎ᠠ ᠮᠦᠨ᠃      ᠤᠷᠢᠶᠠᠩᠬᠠᠢ ᠶᠢᠨ ᠭᠤᠷᠪᠠᠨ ᠠᠶᠢᠮᠠᠭ ᠨᠢ ᠮᠢᠩ ᠤᠯᠤᠰ ᠲᠠᠢ ᠵᠠᠷᠢᠮ ᠳᠠᠭᠠᠨ ᠡᠶᠡᠳᠡᠵᠦ ᠵᠠᠷᠢᠮ ᠳᠠᠭᠠᠨ ᠤᠷᠪᠠᠵᠤ ᠮᠢᠩ ᠤᠯᠤᠰ ᠤᠨ ᠬᠢᠵᠠᠭᠠᠷ ᠤᠷᠤᠨ ᠳᠤ ᠰᠦᠷᠳᠡᠭᠦᠯᠦᠯ ᠪᠤᠯᠵᠤ ᠪᠠᠶᠢᠯ᠎ᠠ᠃      1422 ᠤᠨ ᠳᠤ ᠮᠢᠩ ᠤᠯᠤᠰ ᠤᠨ ᠴᠧᠩᠽᠦ ᠬᠠᠭᠠᠨ ᠠᠷᠤᠭᠳᠠᠢ ᠶᠢ ᠲᠠᠶᠢᠯᠠᠭᠠᠳ ᠪᠤᠴᠠᠬᠤ ᠵᠠᠮ ᠳᠠᠭᠠᠨ ᠭᠦᠢᠯᠡᠷ ᠭᠤᠤᠯ ᠤᠷᠴᠢᠮ ᠤᠷᠢᠶᠠᠩᠬᠠᠢ ᠶᠢ ᠳᠤᠪᠳᠤᠯᠵᠤ ᠭᠤᠴᠢᠨ ᠭᠠᠵᠠᠷ ᠨᠡᠬᠡᠮᠵᠢᠯᠡᠨ ᠪᠠᠶᠢᠯᠳᠤᠵᠤ ᠡᠷᠦᠬᠡ ᠭᠡᠷ ᠢ  ᠨᠢ ᠲᠠᠯᠬᠢᠳᠠᠨ ᠡᠪᠳᠡᠭᠡᠳ ᠪᠤᠴᠠᠵᠠᠢ᠃1428 ᠤᠨ ᠳᠤ ᠤᠷᠢᠶᠠᠩᠬᠠᠢ ᠠᠶᠢᠮᠠᠭ ᠤᠨ ᠴᠡᠷᠢᠭ ᠮᠢᠩ ᠤᠯᠤᠰ ᠤᠨ ᠬᠢᠵᠠᠭᠠᠷ ᠢ ᠳᠤᠪᠳᠤᠯᠵᠤ ᠳ᠋ᠠ ᠨᠢᠩ ᠤᠷᠴᠢᠮ ᠴᠤᠬᠢᠨ ᠬᠦᠷᠦᠭᠰᠡᠨ ᠳᠤ ᠮᠢᠩ ᠣᠯᠤᠰ ᠤᠨ ᠰᠢᠦᠸᠠᠨᠽᠦ᠋ᠩ ᠬᠠᠭᠠᠨ ᠪᠡᠶ᠎ᠡ ᠪᠠᠷ ᠭᠤᠷᠪᠠᠨ ᠮᠢᠩᠭᠠᠨ ᠴᠡᠷᠢᠭ ᠠᠪᠴᠤ ᠰᠢ ᠹᠧᠩ ᠺᠸᠦ ᠪᠠᠷ ᠭᠠᠷᠴᠤ ᠺᠦᠸᠡᠨ ᠾᠧ ᠭᠤᠤᠯ ᠤᠨ ᠤᠷᠤᠰᠬᠠᠯ ᠳᠠᠭᠠᠤ ᠤᠷᠤᠨ ᠳᠤ ᠤᠷᠢᠶᠠᠩᠬᠠᠶᠢᠴᠤᠳ ᠢ ᠪᠤᠳᠠ ᠴᠤᠬᠢᠪᠠ᠃1438 ᠤᠨ ᠳᠤ ᠮᠢᠩ ᠤᠯᠤᠰ ᠤᠨ ᠶᠢᠩᠽᠦ᠋ᠩ ᠬᠠᠭᠠᠨ ᠵᠤᠤ ᠠᠨ ᠵᠡᠷᠭᠡ ᠬᠦᠮᠦᠰ ᠢᠶᠠᠷ ᠲᠦᠮᠡ ᠭᠠᠷᠤᠢ ᠴᠡᠷᠢᠭ ᠲᠠᠶᠢᠴᠢᠯᠠᠭᠤᠯᠤᠨ ᠴᠠᠩ ᠨᠢᠩ ᠢᠶᠠᠷ ᠭᠠᠷᠴᠤ ᠭᠤᠷᠪᠠᠨ ᠬᠠᠷᠠᠭᠤᠯ ᠢ ᠳᠤᠪᠳᠤᠯᠤᠭᠰᠠᠨ ᠳᠤ ᠤᠶᠢᠷᠠᠳ ᠠᠶᠢᠮᠠᠭ ᠴᠦ ᠴᠡᠷᠢᠭ ᠭᠠᠷᠭᠠᠨ ᠭᠢᠲᠦᠨ ᠲᠡᠭᠡᠷᠡᠮᠲᠡᠪᠡ᠃ ᠡᠭᠦᠨ ᠠᠴᠠ ᠪᠤᠯᠵᠤ ᠤᠷᠢᠶᠠᠩᠬᠠᠢ ᠶᠢᠨ ᠭᠤᠷᠪᠠᠨ ᠬᠠᠷᠠᠭᠤᠯ ᠨᠢ ᠢᠲᠡᠭ ᠢᠲᠡᠭ ᠢᠶᠠᠷ ᠡᠮᠦᠨᠡᠰᠢ ᠨᠡᠭᠦᠵᠦ ᠳᠤᠶᠤᠨ ᠬᠠᠷᠠᠭᠤᠯ ᠨᠢ ᠭᠤᠸᠠᠩᠨᠢᠩ ᠤᠨ ᠰᠢᠦᠸᠡᠨ ᠹᠦ᠋ ᠤᠷᠴᠢᠮ᠂ ᠲᠠᠢ ᠨᠢᠩ ᠬᠠᠷᠠᠭᠤᠯ ᠨᠢ ᠵᠢᠨᠵᠸᠦ᠂ ᠢᠵᠸᠦ ᠤᠷᠴᠢᠮ ᠰᠢᠯᠵᠢᠨ᠂ ᠹᠦ᠋ ᠢᠦᠢ ᠬᠠᠷᠠᠭᠤᠯ ᠨᠢ ᠯᠢᠶᠤᠤ ᠶᠠᠩ᠂ ᠱᠧᠨᠶᠠᠩ᠂ ᠺᠠᠶᠢᠶᠤᠸᠠᠨ ᠬᠠᠪᠢ ᠪᠠᠷ ᠨᠡᠭᠦᠨ ᠤᠴᠢᠪᠠ᠃ 1447 ᠤᠨ ᠳᠤ ᠮᠢᠩ ᠤᠯᠤᠰ ᠤᠷᠢᠶᠠᠩᠬᠠᠢ ᠶᠢᠨ ᠭᠤᠷᠪᠠᠨ ᠬᠠᠷᠠᠭᠤᠯ ᠢ ᠲᠠᠬᠢᠨ ᠳᠤᠪᠳᠤᠯᠤᠭᠰᠠᠨ ᠳᠤ ᠲᠠᠲ᠋ᠠᠷ ᠠᠶᠢᠮᠠᠭ  ᠤᠨ ᠲᠤᠭᠳᠠᠪᠤᠬ᠎ᠠ ᠴᠦ ᠴᠡᠷᠢᠭ ᠭᠠᠷᠭᠠᠨ ᠳᠤᠶᠤᠨ ᠬᠠᠷᠠᠭᠤᠯ ᠢ ᠤᠤᠯᠭᠠᠯᠠᠨ ᠳᠤᠪᠳᠤᠯᠵᠠᠢ᠃ ᠤᠳᠠᠯ ᠦᠭᠡᠢ ᠤᠶᠢᠷᠠᠳ ᠠᠶᠢᠮᠠᠭ ᠴᠦ ᠲᠠᠬᠢᠨ ᠳᠤᠪᠳᠤᠯᠤᠭᠰᠠᠨ ᠴᠦ ᠳᠤᠶᠤᠨ ᠬᠠᠷᠠᠭᠤᠯ᠂ ᠲᠠᠢ ᠨᠢᠩ ᠬᠠᠷᠠᠭᠤᠯ ᠬᠤᠶᠠᠷ ᠨᠢ ᠮᠢᠩ ᠤᠯᠤᠰ ᠲᠤ ᠪᠠᠭᠤᠨ ᠦᠭᠴᠦ ᠹᠦ᠋ ᠢᠦᠢ ᠬᠠᠷᠠᠭᠤᠯ ᠨᠢ ᠤᠮᠠᠷᠠᠰᠢ ᠨᠤᠨ ᠮᠦᠷᠡᠨ ᠤ ᠤᠷᠤᠰᠬᠠᠯ ᠳᠠᠭᠠᠤ ᠤᠷᠤᠨ ᠳᠤ ᠰᠢᠯᠵᠢᠵᠠᠢ᠃ ᠲᠠᠲ᠋ᠠᠷ ᠠᠶᠢᠮᠠᠭ ᠤᠨ ᠮᠠᠨᠳᠤᠭᠤᠯᠢ ᠬᠠᠭᠠᠨ ᠤᠷᠢᠶᠠᠩᠬᠠᠢ ᠶᠢᠨ ᠭᠤᠷᠪᠠᠨ ᠬᠠᠷᠠᠭᠤᠯ ᠢ ᠬᠦᠴᠦᠷᠬᠡᠭᠯᠡᠨ ᠤᠤᠯᠭᠠᠯᠠᠨ ᠳᠤᠪᠳᠤᠯᠤᠭᠰᠠᠨ ᠳᠤ ᠭᠤᠷᠪᠠᠨ ᠬᠠᠷᠠᠭᠤᠯ ᠤᠨ ᠲᠦᠷᠦᠭᠦᠴᠦᠳ ᠴᠠᠭᠠᠨ ᠬᠡᠷᠡᠮ ᠤᠨ ᠳᠤᠳᠤᠷ᠎ᠠ ᠨᠢᠭᠤᠭᠳᠠᠨ ᠰᠠᠭᠤᠵᠠᠢ᠃1479 ᠤᠨ ᠳᠤ ᠮᠠᠨᠳᠤᠭᠤᠯᠢ ᠬᠠᠭᠠᠨ ᠨᠠᠰᠤ ᠪᠠᠷᠠᠭᠰᠠᠨ ᠤ ᠳᠠᠷᠠᠭ᠎ᠠ ᠢᠰᠮᠠᠨ ᠲᠠᠶᠢᠱᠢ ᠭᠤᠷᠪᠠᠨ ᠬᠠᠷᠠᠭᠤᠯ ᠢ ᠤᠳᠠᠭ᠎ᠠ ᠲᠠᠷᠠᠭ᠎ᠠ ᠰᠢᠬᠠᠮᠳᠠᠭᠤᠯᠤᠭᠰᠠᠨ ᠠᠴᠠ ᠠᠷᠠᠳ ᠠᠯᠪᠠᠳᠤ ᠠᠮᠢᠳᠤᠷᠠᠬᠤ ᠳᠤ ᠪᠡᠷᠬᠡ ᠪᠤᠯᠵᠠᠢ᠃1486 ᠤᠨ ᠳᠤ ᠲᠠᠲ᠋ᠠᠷ ᠠᠶᠢᠮᠠᠭ ᠤᠨ ᠭᠤᠷᠪᠠᠨ ᠲᠦᠮᠡ ᠭᠠᠷᠤᠢ ᠬᠦᠮᠦᠨ ᠳ᠋ᠠ ᠨᠢᠩ ᠤᠨ ᠶᠢᠨ ᠱᠠᠨ ᠠᠭᠤᠯᠠᠨ ᠳᠤ ᠤᠷᠤᠵᠤ ᠯᠤᠤᠬ᠎ᠠ ᠶᠢᠨ ᠭᠤᠤᠯ ᠢ ᠭᠠᠳᠤᠯᠤᠭᠠᠳ ᠭᠤᠷᠪᠠᠨ ᠬᠠᠷᠠᠭᠤᠯ ᠤᠨ ᠲᠦᠷᠦᠭᠦᠴᠦᠳ ᠢ ᠬᠢᠲᠦᠵᠦ ᠬᠦᠮᠦᠨ ᠮᠠᠯ ᠢ ᠲᠦᠮᠡ ᠭᠠᠷᠤᠢ ᠤᠯᠵᠠᠯᠠᠨ ᠠᠪᠴᠠᠢ᠃ ᠠᠷᠪᠠᠨ ᠵᠢᠷᠭᠤᠳᠤᠭᠠᠷ ᠵᠠᠭᠤᠨ ᠤ ᠰᠡᠭᠦᠯᠴᠢ ᠪᠠᠷ  ᠲᠠᠢ ᠨᠢᠩ ᠬᠠᠷᠠᠭᠤᠯ ︵ᠯᠢᠶᠤᠤᠨᠢᠩ ᠤᠨ ᠹᠦᠰᠢᠨ ᠤᠷᠴᠢᠮ︶ ᠬᠢᠨ ᠲᠠᠪᠤᠨ ᠤᠳᠤᠭ ᠬᠠᠯᠬ᠎ᠠ ᠳᠤ᠂ ᠹᠦ᠋ ᠢᠦᠢ ᠬᠠᠷᠠᠭᠤᠯ ︵ᠯᠢᠶᠤᠤᠨᠢᠩ ᠤᠨ ᠹᠦᠰᠢᠨ᠂ ᠺᠠᠩ ᠫᠢᠩ ᠤᠷᠴᠢᠮ︶ ᠨᠢ ᠬᠤᠷᠴᠢᠨ ᠠᠶᠢᠮᠠᠭ ᠲᠠᠢ ᠨᠡᠶᠢᠯᠡᠯᠲᠦᠵᠦ᠂ ᠳᠤᠶᠤᠨ ᠬᠠᠷᠠᠭᠤᠯ ︵ᠯᠢᠶᠤᠤᠨᠢᠩ ᠤᠨ ᠯᠢᠩ ᠶᠤᠸᠠᠨ᠂ ᠬᠠᠷᠠᠴᠢᠨ ᠵᠡᠭᠦᠨ ᠬᠤᠰᠢᠭᠤ ᠤᠷᠴᠢᠮ︶ ᠴᠦ ᠪᠠᠷᠠᠭᠤᠨ ᠵᠠᠬ᠎ᠠ ᠶᠢᠨ ᠬᠠᠷᠠᠴᠢᠨ ᠠᠶᠢᠮᠠᠭ ᠲᠤ ᠨᠢᠭᠡᠳᠬᠡᠭᠳᠡᠨ ᠤᠷᠢᠶᠠᠩᠬᠠᠢ ᠶᠢᠨ ᠭᠤᠷᠪᠠᠨ ᠬᠠᠷᠠᠭᠤᠯ ᠤᠨ ᠲᠡᠦᠬᠡ ᠠᠳᠡ ᠬᠦᠷᠦᠭᠡᠳ ᠳᠠᠭᠤᠰᠴᠠᠢ᠃      ᠳᠤᠬᠠᠢ ᠶᠢᠨ ᠤᠷᠴᠢᠨ ᠠᠬᠤᠢ ᠠᠴᠠ ᠪᠤᠯᠤᠭᠠᠳ ᠤᠷᠢᠶᠠᠩᠬᠠᠢ ᠠᠶᠢᠮᠠᠭ ᠤᠨ ᠮᠠᠨᠳᠤᠯ ᠪᠠᠭᠤᠷᠠᠯ ᠨᠢ ᠬᠠᠭᠠᠨ ᠲᠦᠷᠦ ᠶᠢᠨ ᠮᠠᠨᠳᠤᠯ ᠪᠠᠭᠤᠷᠠᠯ ᠲᠠᠢ ᠨᠢᠭᠳᠠ ᠬᠠᠷᠢᠴᠠᠭ᠎ᠠ ᠲᠠᠢ ᠪᠠᠶᠢᠪᠠ᠃       ︵ᠦᠷᠭᠦᠯᠵᠢᠯᠡᠯ ᠪᠤᠢ︶
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号