ᠲᠡᠭᠦᠰᠲᠡᠮᠦᠷ ︵ᠤᠰᠬᠠᠯ ᠬᠠᠭᠠᠨ︶ 1378 ᠤᠨ ᠳᠤ ᠪᠢᠯᠢᠭᠲᠦ ᠬᠠᠭᠠᠨ ᠠᠶᠤᠰᠢᠷᠢᠲᠠᠷᠠ ᠨᠠᠰᠤ | ᠡᠴᠦᠰᠯᠡᠭᠰᠡᠨ ᠳᠤ ᠲᠡᠭᠦᠰᠲᠡᠮᠦᠷ ᠰᠠᠭᠤᠷᠢᠨ ᠵᠠᠯᠭᠠᠮᠵᠢᠯᠠᠵᠤ ᠠᠷᠪᠠᠨ ᠨᠢᠭᠡᠨ ᠵᠢᠯ ᠬᠠᠭᠠᠨ ᠰᠠᠭᠤᠷᠢᠨ᠎ᠠ ᠰᠠᠭᠤᠵᠤ | ᠤᠮᠠᠷᠠᠲᠤ ᠶᠤᠸᠠᠨ ᠤ ᠡᠬᠢᠨ ᠤ ᠬᠤᠭᠤᠴᠠᠭᠠᠨ ᠳᠠᠬᠢ ᠬᠠᠮᠤᠭ ᠤᠷᠲᠤ ᠲᠦᠷᠦ ᠪᠠᠷᠢᠭᠰᠠᠨ ᠬᠠᠭᠠᠨ ᠪᠤᠯᠤᠨ᠎ᠠ᠃ | ᠲᠡᠭᠦᠰᠲᠡᠮᠦᠷ ᠬᠠᠭᠠᠨ ᠤ ᠴᠢᠩᠰᠠᠩ ᠯᠢᠦᠢ ᠡᠯ᠂ ᠮᠠᠨᠰᠠ ᠬᠠᠷᠠᠨᠵᠠᠩ᠂ ᠲᠤᠭᠴᠢ ᠭᠦᠸᠧ ᠭᠦᠩ᠂ ᠫᠢᠩᠵᠠᠩ | ᠦᠯᠵᠡᠶᠢᠪᠤᠬᠠ᠂ ᠴᠡᠷᠢᠭ ᠤᠨ ᠬᠦᠷᠢᠶᠡᠯᠡᠩ ᠤᠨ ᠮᠡᠲᠡᠭᠴᠢ ᠠᠶᠢᠰᠤ ᠨᠠᠷ ᠴᠡᠷᠢᠭ ᠮᠤᠷᠢ ᠪᠠᠨ ᠬᠤᠷᠠᠯᠳᠤᠭᠤᠯᠤᠨ ᠮᠢᠩ | ᠤᠯᠤᠰ ᠲᠠᠢ ᠲᠠᠬᠢᠨ ᠲᠠᠶᠢᠳᠤᠬᠤ ᠪᠠᠷ ᠪᠡᠯᠡᠳᠬᠡᠵᠦ ᠪᠠᠶᠢᠪᠠ᠃ | 1380 ᠤᠨ ᠳᠤ ᠮᠢᠩ ᠤᠯᠤᠰ ᠤᠨ ᠵᠠᠩᠵᠤᠨ ᠮᠦ ᠶᠢᠩ ᠱᠠᠨᠰᠢ ᠠᠴᠠ ᠴᠡᠷᠢᠭ ᠮᠤᠷᠳᠠᠵᠤ᠂ ᠯᠢᠩ ᠵᠸᠦ ᠶᠢ | ᠲᠠᠭᠠᠷᠢᠨ ᠬᠠᠲᠤᠨ ᠭᠤᠤᠯ ᠢ ᠭᠡᠲᠦᠯᠵᠦ᠂ ᠾᠧ ᠯᠠᠨ ᠱᠠᠨ ᠢᠶᠠᠷ ᠦᠩᠭᠡᠷᠡᠨ᠂ ᠡᠯᠡᠰᠦᠨ ᠴᠦᠯ ᠢ ᠲᠤᠭᠤᠯᠤᠭᠠᠳ᠂ | ᠡᠵᠡᠨ᠎ᠡ ᠤᠷᠤᠭᠤ ᠴᠡᠷᠢᠭ ᠤᠷᠤᠪᠠ᠂ ᠬᠤᠶᠠᠷ ᠡᠲᠡᠭᠡᠳ ᠢᠶᠠᠷ ᠢᠶᠠᠨ ᠡᠵᠡᠨ᠎ᠡ ᠳᠤ ᠶᠡᠭᠡ ᠲᠠᠶᠢᠨ ᠪᠤᠯᠤᠭᠰᠠᠨ ᠳᠤ ᠮᠢᠩ | ᠤᠯᠤᠰ ᠤᠨ ᠴᠡᠷᠢᠭ ᠰᠦᠨᠢ ᠪᠠᠷ ᠭᠡᠨᠡᠳᠲᠡ ᠶᠢᠨ ᠲᠠᠭᠠᠷᠢᠯᠲᠠ ᠶᠠᠪᠤᠭᠤᠯᠵᠤ᠂ ᠬᠤᠲᠠ ᠰᠠᠬᠢᠭᠰᠠᠨ ᠵᠠᠩᠵᠤᠨ ᠲᠤᠭᠴᠢ | ᠭᠦᠸᠧ ᠭᠦᠩ᠂ ᠠᠶᠢᠰᠤ ᠨᠠᠷ ᠢ ᠪᠠᠷᠢᠪᠴᠠᠯᠠᠪᠠ᠃ ᠳᠤᠰ ᠵᠢᠯ ᠳᠤ ᠤᠮᠠᠷᠠᠲᠤ ᠶᠤᠸᠠᠨ ᠤ ᠫᠢᠩᠵᠠᠩ ᠲᠦᠰᠢᠮᠡᠯ | ᠦᠯᠵᠡᠶᠢᠪᠤᠬᠠ᠂ ᠲᠠᠢ ᠸᠧᠢ ᠲᠦᠰᠢᠮᠡᠯ ᠠᠶᠢᠪᠤᠬ᠎ᠠ ᠨᠠᠷ ᠮᠢᠩ ᠤᠯᠤᠰ ᠤᠨ ᠬᠢᠵᠠᠭᠠᠷ ᠲᠠᠬᠢ ᠶᠦᠩ ᠫᠢᠩ ᠹᠦ᠋ | ︵ᠾᠧᠪᠸᠢ ᠮᠤᠵᠢ ᠶᠢᠨ ᠯᠦ ᠯᠦᠩ︶ ᠶᠢ ᠬᠠᠯᠳᠠᠨ ᠲᠤᠪᠳᠤᠯᠤᠭᠠᠳ ᠮᠢᠩ ᠤᠯᠤᠰ ᠤᠨ ᠵᠠᠩᠵᠤᠨ ᠸᠠᠩ ᠯᠦ ᠳᠤ | ᠪᠠᠷᠢᠪᠴᠠᠯᠠᠭᠳᠠᠪᠠ᠃ | 1388 ᠤᠨ ᠳᠤ ᠮᠢᠩ ᠤᠯᠤᠰ ᠳᠠᠬᠢᠨ ᠶᠡᠭᠡ ᠵᠠᠩᠵᠤᠨ ᠯᠠᠨ ᠢᠤᠢ ᠪᠠᠷ ᠴᠡᠷᠢᠭ ᠲᠠᠶᠢᠴᠢᠯᠠᠭᠤᠯᠤᠨ | ᠤᠮᠠᠷᠠᠰᠢ ᠲᠠᠶᠢᠯᠠᠭᠤᠯᠵᠠᠢ᠃ ᠯᠠᠨ ᠢᠤᠢ ᠶᠢᠨ ᠴᠡᠷᠢᠭ ᠮᠤᠷᠢ ᠳ᠋ᠠ ᠨᠢᠩ ︵ᠦᠪᠦᠷ ᠮᠤᠩᠭᠤᠯ ᠤᠨ ᠨᠢᠩᠴᠧᠩ︶ ᠢᠶᠠᠷ | ᠭᠠᠷᠴᠤ᠂ ᠴᠢᠩᠵᠸᠦ ᠬᠦᠷᠦᠭᠡᠳ ᠰᠢᠭᠤᠳ ᠪᠤᠶᠢᠷ ᠨᠠᠭᠤᠷ ᠤᠷᠴᠢᠮ ᠪᠠᠶᠢᠭᠰᠠᠨ ᠤᠮᠠᠷᠠᠳᠤ ᠶᠤᠸᠠᠨ ᠤ ᠬᠠᠭᠠᠨ ᠤᠷᠳᠤ | ᠦᠭᠡᠲᠡ ᠲᠠᠭᠠᠷᠢᠨ ᠲᠤᠪᠳᠤᠯᠤᠭᠰᠠᠨ ᠳᠤ ᠤᠶᠢᠷᠠᠳ ᠠᠶᠢᠮᠠᠭ ᠪᠠᠰᠠ ᠮᠢᠩ ᠤᠯᠤᠰ ᠢ ᠬᠠᠪᠰᠤᠷᠤᠨ ᠪᠠᠷᠠᠭᠤᠨ ᠠᠴᠠ | ᠵᠡᠭᠦᠨᠰᠢ ᠴᠡᠷᠢᠭᠯᠡᠪᠡ᠃ ᠰᠢᠷᠦᠭᠦᠨ ᠪᠠᠶᠢᠯᠳᠤᠭᠠᠨ ᠳᠤ ᠤᠮᠠᠷᠠᠳᠤ ᠶᠤᠸᠠᠨ ᠤ ᠴᠡᠷᠢᠭ ᠬᠦᠨᠲᠦ ᠬᠡᠴᠡᠭᠦᠦ ᠬᠤᠬᠢᠷᠠᠯ ᠳᠤ | ᠤᠴᠠᠷᠠᠭᠰᠠᠨ ᠪᠤᠯᠪᠠᠴᠤ ᠲᠡᠭᠦᠰᠲᠡᠮᠦᠷ ᠬᠠᠭᠠᠨ ᠪᠠᠭᠤᠵᠤ ᠦᠭᠭᠦᠭᠰᠡᠨ ᠦᠭᠡᠢ᠂ ᠬᠡᠲᠦᠨ ᠠᠷᠪᠠᠨ ᠮᠤᠷᠢᠲᠠᠨ ᠢᠶᠠᠨ | ᠲᠠᠭᠠᠭᠤᠯᠤᠨ ᠬᠠᠷᠠᠬᠤᠷᠠᠮ ᠢ ᠵᠤᠷᠢᠵᠤ ᠶᠠᠪᠤᠵᠠᠢ᠂ ᠭᠡᠪᠡᠴᠦ ᠵᠠᠮ ᠵᠠᠭᠤᠷ᠎ᠠ ᠪᠠᠨ ᠲᠤᠤᠯᠠ ᠭᠤᠤᠯ ᠤᠨ ᠬᠦᠪᠡᠭᠡᠨ᠎ᠡ | ᠤᠶᠢᠷᠠᠳ ᠤᠨ ᠲᠡᠮᠵᠢᠯᠭᠡ ᠶᠢ ᠤᠯᠵᠤ ᠪᠠᠶᠢᠭᠰᠠᠨ ᠠᠷᠢᠭᠪᠦ᠋ᠬᠡ ᠶᠢᠨ ᠬᠤᠶᠢᠴᠢᠰ ᠶᠢᠰᠦᠲᠡᠷ ᠲᠤ ᠬᠤᠤᠷᠯᠠᠭᠳᠠᠵᠠᠢ᠃ | ᠨᠠᠴᠤᠯᠠᠢ ᠪᠤᠯᠤᠨ ᠰᠢᠷᠠᠮᠤᠨ ᠨᠠᠷ ᠴᠦ ᠮᠢᠩ ᠣᠯᠣᠰ ᠲᠤ ᠪᠠᠭᠤᠵᠤ ᠦᠭᠭᠦᠨ ᠲᠡᠭᠦᠰᠲᠡᠮᠦᠷ ᠬᠠᠭᠠᠨ ᠤ ᠬᠠᠲᠤᠳ᠂ | ᠬᠦᠪᠡᠭᠦᠳ᠂ ᠬᠠᠭᠠᠨ ᠤᠭᠰᠠᠭᠠᠨ ᠤ ᠨᠤᠶᠠᠳ ᠲᠦᠰᠢᠮᠡᠳ ᠪᠤᠯᠤᠨ ᠲᠤᠯᠤᠭᠠᠨ ᠲᠦᠮᠡ ᠭᠠᠷᠤᠢ ᠬᠤᠶᠠᠭ ᠴᠡᠷᠢᠭ ᠵᠢᠴᠢ | ᠠᠷᠪᠠᠨ ᠲᠠᠪᠤᠨ ᠲᠦᠮᠡᠨ ᠠᠲᠤᠭᠤ ᠮᠠᠯ ᠴᠦᠮ ᠢᠶᠠᠷ ᠢᠶᠠᠨ ᠮᠢᠩ ᠤᠯᠤᠰ ᠲᠤ ᠤᠯᠵᠠᠯᠠᠭᠳᠠᠪᠠ᠃ | ᠲᠠᠶᠢᠨ ᠲᠠᠵᠢᠨ ᠨᠢ ᠮᠤᠩᠭᠤᠯ ᠤᠨ ᠠᠷᠠᠳ ᠲᠦᠮᠡᠨ ᠳᠤ ᠲᠤᠩ ᠶᠡᠭᠡ ᠠᠶᠤᠯ ᠭᠠᠮᠰᠢᠭ ᠤᠴᠠᠷᠠᠭᠤᠯᠤᠭᠰᠠᠨ | ᠴᠦ ᠬᠠᠳᠠᠨ ᠵᠤᠷᠢᠭ᠂ ᠬᠠᠲᠠᠭᠤ ᠰᠤᠷᠲᠠᠯ ᠲᠠᠢ ᠮᠤᠩᠭᠤᠯᠴᠤᠳ ᠮᠢᠩ ᠤᠯᠤᠰ ᠤᠨ ᠱᠦᠭᠦᠷᠲᠡᠯᠲᠡ ᠦᠩᠭᠡᠷᠡᠭᠰᠡᠨ ᠤ | ᠲᠠᠷᠠᠭ᠎ᠠ ᠨᠤᠳᠤᠭ ᠤᠰᠤ ᠪᠠᠨ ᠦᠷᠭᠦᠯᠵᠢᠯᠡᠨ ᠰᠢᠨᠡᠳᠬᠡᠨ ᠪᠠᠶᠢᠭᠤᠯᠵᠤ ᠪᠠᠶᠢᠪᠠ᠃ ᠲᠡᠦᠬᠡ ᠲᠡᠮᠲᠡᠭᠯᠡᠯ ᠳᠤ ᠮᠢᠩ | ᠤᠯᠤᠰ ᠤᠨ ᠲᠦᠷᠢᠮᠡᠬᠡᠶᠢᠯᠡᠯ ᠢᠶᠠᠨ ᠲᠦᠪ ᠶᠤᠰᠤᠨ ᠤ ᠲᠠᠶᠢᠨ ᠪᠤᠯᠭᠠᠨ ᠵᠦᠪᠲᠡᠭᠡᠲᠡᠭ᠃ ᠡᠭᠦᠨ ᠢ ᠡᠷᠬᠡᠪᠰᠢ ᠲᠠᠬᠢᠨ | ᠰᠢᠨ᠎ᠡ ᠪᠠᠷ ᠦᠨᠡᠯᠡᠬᠦ ᠬᠡᠷᠡᠭᠲᠡᠢ᠃ | ᠡᠩᠬᠡ ᠵᠤᠷᠢᠭᠲᠤ ᠪᠠ ᠡᠯᠪᠡᠭ ᠬᠠᠭᠠᠨ | ᠲᠡᠭᠦᠰᠲᠡᠮᠦᠷ ᠬᠠᠭᠠᠨ ᠬᠤᠤᠷᠯᠠᠭᠳᠠᠭᠰᠠᠨ ᠶᠠᠪᠤᠳᠠᠯ ᠨᠢ ᠤᠮᠠᠷᠠᠳᠤ ᠶᠤᠸᠠᠨ ᠡᠬᠢᠨ ᠤ ᠦᠶ᠎ᠡ ᠳᠠᠬᠢ ᠠᠩᠬ᠎ᠠ | ᠤᠳᠠᠭᠠᠨ ᠤ ᠲᠤᠳᠤᠭᠠᠳᠤ ᠬᠢᠮᠣᠷᠠᠯ ᠪᠤᠯᠵᠠᠢ᠃ ᠲᠡᠭᠦᠨ ᠠᠴᠠ ᠰᠡᠭᠦᠯᠡᠷ ᠠᠷᠪᠠᠨ ᠵᠢᠯ ᠳᠤᠳᠤᠷ᠎ᠠ ᠲᠠᠪᠤᠨ ᠬᠠᠭᠠᠨ | ᠰᠣᠯᠢᠭᠳᠠᠭᠰᠠᠨ ᠪᠤᠯᠪᠠᠴᠤ ᠴᠦᠮ ᠤᠷᠲᠤᠨ ᠤ ᠬᠤᠪᠢᠰᠤᠯ ᠢᠶᠠᠷ ᠬᠤᠤᠷᠯᠠᠭᠳᠠᠭᠰᠠᠨ ᠪᠠᠶᠢᠨ᠎ᠠ᠃ ᠲᠡᠭᠦᠰᠲᠡᠮᠦᠷ ᠠᠴᠠ | ᠶᠢᠰᠦᠲᠡᠷ ᠬᠠᠭᠠᠨ ᠰᠠᠭᠤᠷᠢ ᠵᠠᠯᠭᠠᠮᠵᠢᠯᠠᠭᠠᠳ ᠤᠳᠠᠯ ᠦᠭᠡᠢ ᠦᠬᠦᠪᠡ᠃ ᠲᠡᠭᠦᠨ ᠤ ᠬᠦᠪᠡᠭᠦᠨ ᠡᠩᠬᠡ | ᠵᠤᠷᠢᠭᠲᠤ1389 ᠊᠊᠊᠊᠊᠊᠊1392 ᠬᠦᠷᠲᠡᠯ᠎ᠡ ᠲᠦᠷᠪᠡᠨ ᠵᠢᠯ ᠬᠠᠭᠠᠨ ᠰᠠᠭᠤᠷᠢᠨ ᠳᠤ ᠰᠠᠭᠤᠭᠠᠳ ᠬᠤᠪᠢᠯᠠᠢ ᠬᠠᠭᠠᠨ | ᠤ ᠬᠤᠶᠢᠴᠢᠰ ᠡᠯᠪᠡᠭ ᠬᠠᠭᠠᠨ ᠳᠤ ᠰᠠᠭᠤᠷᠢᠨ ᠢᠶᠠᠨ ᠠᠪᠲᠠᠪᠠ᠃1399 ᠤᠨ ᠳᠤ ᠤᠶᠢᠷᠠᠳ ᠤᠨ ᠪᠠᠳᠤᠯᠠ | ᠴᠢᠩᠰᠠᠩ᠂ ᠦᠭᠡᠴᠢ ᠬᠠᠰᠬᠠ ᠲᠠᠢ ᠬᠤᠯᠪᠤᠭᠠᠯᠠᠨ ᠡᠯᠪᠡᠭ ᠬᠠᠭᠠᠨ ᠢ ᠬᠤᠷᠤᠭᠠᠳ ᠡᠯᠪᠡᠭ ᠬᠠᠭᠠᠨ ᠤ ᠠᠬᠠᠮᠠᠳ | ᠬᠦᠪᠡᠭᠦᠨ ᠬᠦᠨᠲᠡᠮᠦᠷ ᠢ ᠬᠠᠭᠠᠨ ᠰᠠᠭᠤᠷᠢᠨ ᠳᠤ ᠡᠷᠭᠦᠵᠦ ᠭᠠᠷᠭᠠᠪᠠ᠃ ᠭᠦᠨᠲᠡᠮᠦᠷ1400 ᠊᠊᠊᠊᠊᠊᠊᠊᠊᠊1402 | ᠪᠤᠯᠲᠠᠯ᠎ᠠ ᠬᠤᠶᠠᠷᠬᠠᠨ ᠵᠢᠯ ᠲᠦᠷᠦ ᠪᠠᠷᠢᠪᠠ᠃ | ᠤᠮᠠᠷᠠᠳᠤ ᠶᠤᠸᠠᠨ ᠬᠢᠭᠡᠳ ᠮᠢᠩ ᠤᠯᠤᠰ ᠤᠷᠳᠤ ᠬᠤᠭᠤᠴᠠᠭ᠎ᠠ ᠪᠠᠷ ᠡᠰᠡᠷᠭᠦᠴᠡᠯᠲᠦᠨ ᠲᠡᠮᠡᠴᠡᠯᠲᠦᠭᠰᠡᠨ | ᠠᠴᠠ ᠪᠢᠲᠡᠭᠦᠮᠵᠢᠯᠡᠭᠲᠡᠭᠰᠡᠨ ᠪᠠᠶᠢᠳᠠᠯ ᠳᠤ ᠤᠷᠤᠭᠰᠠᠨ ᠤᠮᠠᠷᠠᠳᠤ ᠶᠤᠸᠠᠨ ᠤ ᠦᠷᠦᠭᠡᠰᠦᠯ ᠴᠢᠨᠠᠷ ᠲᠠᠢ ᠠᠵᠤ ᠠᠬᠤᠢ | ᠨᠢ ᠡᠯ᠎ᠡ ᠵᠦᠢᠯ ᠤᠨ ᠡᠮᠵᠡᠭ ᠲᠠᠯ᠎ᠠ ᠲᠠᠢ ᠪᠠᠶᠢᠵᠤ ᠠᠷᠠᠳ ᠤᠨ ᠠᠮᠢᠳᠤᠷᠠᠯ ᠭᠠᠰᠢᠭᠤᠨ ᠵᠦᠲᠡᠭᠦᠷᠢᠲᠡᠢ ᠪᠤᠯᠵᠤ᠂ | ᠲᠠᠶᠢᠨ ᠲᠠᠵᠢᠨ ᠠᠴᠠ ᠭᠠᠳᠠᠨ᠎ᠠ ᠵᠤᠳ ᠰᠢᠭᠤᠷᠭ᠎ᠠ᠂ ᠭᠠᠩ ᠬᠠᠭᠰᠠᠷᠭᠠᠨ ᠵᠡᠷᠭᠡ ᠪᠠᠶᠢᠭᠠᠯᠢ ᠶᠢᠨ ᠭᠠᠮᠰᠢᠭ ᠪᠠ | ᠬᠤᠷᠤᠬᠠᠢ ᠰᠢᠪᠠᠵᠢ ᠶᠢᠨ ᠬᠦᠨᠦᠭᠡᠯ ᠨᠢ ᠴᠦ ᠠᠮᠢᠳᠤᠷᠠᠯ ᠤᠷᠤᠰᠢᠨᠢᠯ ᠢ ᠨᠤᠴᠢᠲᠠᠢ ᠬᠤᠬᠢᠷᠠᠭᠤᠯᠤᠭᠰᠠᠭᠠᠷ ᠢᠷᠡᠭᠰᠡᠨ | ᠶᠤᠮ᠃ | ᠠᠷᠤ ᠭᠠᠵᠠᠷ ᠲᠤ ᠲᠠᠷᠢᠶ᠎ᠠ ᠲᠦᠮᠦᠰᠦ ᠤᠷᠭᠤᠬᠤ ᠦᠭᠡᠢ᠂ ᠠᠷᠠᠰᠤ ᠨᠤᠤᠰᠤ ᠪᠠᠷ ᠬᠤᠪᠴᠠᠯᠠᠵᠤ᠂ ᠠᠶᠢᠷᠠᠭ | ᠲᠠᠷᠠᠭ ᠢᠶᠠᠷ ᠤᠮᠳᠠᠭᠠᠨ ᠪᠤᠯᠭᠠᠳᠠᠭ᠃ ᠢᠲᠡᠵᠦ ᠡᠮᠦᠰᠬᠦ ᠨᠢ ᠲᠠᠭᠤᠰᠪᠠᠯ ᠪᠤᠯᠢᠶᠠᠨ ᠲᠡᠭᠡᠷᠡᠮᠲᠡᠵᠦ ᠠᠮᠢᠳᠤᠷᠠᠬᠤ | ᠪᠦᠯᠦᠭᠡ᠃ ᠲᠡᠲᠡ ᠨᠢᠭᠡ ᠪᠤᠯ ᠮᠢᠩ ᠤᠯᠤᠰ ᠤᠨ ᠬᠢᠯᠢ ᠬᠢᠵᠠᠭᠠᠷ ᠲᠤ ᠴᠦᠮᠦᠷᠡᠨ ᠤᠷᠤᠵᠤ ᠪᠤᠯᠢᠶᠠᠨ ᠲᠡᠭᠡᠷᠡᠮᠲᠡᠨᠡ᠂ | ᠨᠢᠭᠡ ᠪᠤᠯ ᠪᠠᠭ᠎ᠠ ᠬᠡᠮᠵᠢᠶᠡᠨ ᠤ ᠠᠷᠠᠯᠵᠢᠶ᠎ᠠ ᠰᠤᠯᠢᠯᠴᠠᠭ᠎ᠠ ᠬᠢᠲᠡᠭ᠂1 ᠦᠬᠡᠷ ᠢᠶᠠᠷ1 ᠳ᠋ᠠᠨ ᠪᠤᠳᠠᠭ᠎ᠠ ᠰᠤᠯᠢᠵᠤ᠂1 | ᠬᠤᠨᠢ ᠪᠠᠷ ᠬᠡᠲᠦᠬᠡᠨ ᠳ᠋ᠸᠦᠠᠮᠤ ᠰᠤᠯᠢᠳᠠᠭ᠂ ᠮᠠᠯ ᠲᠡᠵᠢᠭᠡᠪᠦᠷᠢ ᠦᠭᠡᠢ ᠨᠢ ᠬᠡᠲᠦᠨ ᠳ᠋ᠸᠦ ᠲᠠᠪᠤᠰᠤ ᠪᠠᠷ ᠨᠢᠭᠡ ᠬᠤᠶᠠᠷ | ᠳ᠋ᠸᠦ ᠠᠮᠤ ᠰᠤᠯᠢᠳᠠᠭ᠂ ᠠᠷᠭ᠎ᠠ ᠦᠭᠡᠢ ᠨᠢᠭᠡ ᠨᠢ ᠨᠢᠭᠡ ᠲᠠᠮᠨᠠᠭᠤᠷ ᠲᠦᠯᠡᠭᠡ ᠪᠠᠷ ᠬᠤᠶᠠᠷ ᠭᠤᠷᠪᠠᠨ ᠱᠧᠩ ᠠᠮᠤ | ᠰᠤᠯᠢᠳᠠᠭ᠃ | ᠲᠤᠮᠳᠠᠳᠤ ᠤᠷᠤᠨ ᠳᠠᠬᠢ ᠶᠤᠸᠠᠨ ᠤᠯᠤᠰ ᠤᠨ ᠨᠤᠶᠠᠷᠬᠠᠯ ᠰᠦᠢᠷᠡᠭᠰᠡᠨ ᠤ ᠬᠤᠶᠢᠨ᠎ᠠ ᠳᠤᠳᠤᠷ ᠭᠠᠵᠠᠷ ᠤᠨ | ᠮᠠᠰᠢ ᠤᠯᠠᠨ ᠮᠤᠩᠭᠤᠯᠴᠤᠳ ᠮᠤᠩᠭᠤᠯ ᠤᠷᠤᠨ ᠳᠠᠭᠠᠨ ᠡᠭᠡᠵᠦ ᠢᠷᠡᠭᠰᠡᠨ ᠪᠠ ᠮᠢᠩ ᠤᠯᠤᠰ ᠤᠨ ᠶᠠᠪᠤᠭᠤᠯ | ᠢᠷᠭᠡᠳ ᠴᠦ ᠴᠦᠬᠡᠨ ᠪᠤᠰᠤ ᠪᠠᠷ ᠤᠮᠠᠷᠠᠰᠢ ᠨᠡᠭᠦᠨ ᠢᠷᠡᠵᠡᠢ᠃ ᠡᠲᠡᠭᠡᠷ ᠬᠦᠮᠦᠰ ᠶᠠᠪᠤᠬᠤ ᠳᠤᠳᠤᠮ | ᠤᠯᠠᠰᠢᠷᠠᠭᠰᠠᠭᠠᠷ ᠬᠠᠭᠠᠰ ᠢᠯᠡᠭᠦᠦ ᠶᠢ ᠨᠢ ᠬᠢᠲᠠᠳ ᠠᠷᠠᠳ ᠡᠵᠡᠯᠡᠭᠡᠳ ᠠᠩ ᠠᠪᠠ ᠶᠢᠨ ᠬᠠᠩᠭᠠᠯᠲᠠ ᠴᠦ | ᠬᠦᠷᠦᠯᠴᠡᠬᠦ ᠦᠭᠡᠢ ᠪᠤᠯᠤᠭᠠᠳ ᠮᠠᠯ ᠠᠵᠤ ᠠᠬᠤᠢ ᠨᠢ ᠦᠯᠡᠮᠵᠢ ᠤᠯᠠᠨ ᠬᠦᠮᠦᠨ ᠠᠮᠠ ᠶᠢᠨ ᠲᠠᠷᠤᠭᠠᠰᠤ ᠶᠢ | ᠡᠭᠦᠷᠭᠡᠯᠡᠵᠦ ᠲᠡᠶᠢᠯᠬᠦ ᠦᠭᠡᠢ ᠪᠤᠯᠵᠡᠢ᠃ | ᠤᠮᠠᠷᠠᠳᠤ ᠶᠤᠸᠠᠨ ᠤ ᠦᠶ᠎ᠡ ᠳᠤ ᠤᠤᠯ ᠤᠨ ᠡᠷᠬᠢᠯᠡᠵᠦ ᠪᠠᠶᠢᠭᠰᠠᠨ ᠭᠠᠷ ᠦᠢᠯᠡᠳᠪᠦᠷᠢ ᠨᠡᠬᠡᠮᠡᠯ᠂ ᠲᠡᠮᠦᠷ | ᠬᠠᠶᠢᠯᠤᠭᠤᠯᠬᠤ ᠪᠠ ᠪᠤᠰᠤᠳ ᠵᠤᠶᠢᠯ ᠤᠨ ᠭᠠᠷ ᠦᠢᠯᠡᠳᠪᠦᠷᠢᠯᠡᠯ ᠦᠨᠲᠦᠰᠦᠨ ᠳᠡᠭᠡᠨ ᠵᠤᠭᠰᠤᠩᠭᠤᠶᠢᠷᠠᠪᠠ᠃ ᠲᠡᠮᠦᠷ | ᠬᠠᠶᠢᠯᠤᠭᠤᠯᠬᠤ ᠦᠢᠯᠡᠳᠪᠦᠷᠢᠯᠡᠯ ᠵᠤᠭᠰᠤᠭᠰᠠᠨ ᠠᠴᠠ ᠲᠡᠮᠦᠷ ᠲᠤᠭᠤᠭ᠎ᠠ ᠶᠢ ᠴᠦ ᠳᠤᠮᠳᠠᠳᠤ ᠤᠷᠤᠨ ᠠᠴᠠ | ᠬᠠᠩᠭᠠᠬᠤ ᠳᠤ ᠲᠦᠰᠢᠭᠯᠡᠵᠡᠢ᠃ ᠢᠵᠠᠭᠤᠷᠲᠠᠨ ᠨᠤᠶᠠᠳ ᠲᠤ ᠵᠢᠵᠢᠭ ᠬᠡᠮᠵᠢᠶᠡᠨ ᠤ ᠲᠡᠮᠦᠷ ᠬᠠᠶᠢᠯᠤᠭᠤᠯᠬᠤ | ᠦᠢᠯᠡᠳᠪᠦᠷᠢ ᠪᠠᠶᠢᠭᠰᠠᠨ ᠴᠦ ᠲᠡᠷᠡ ᠨᠢ ᠵᠦᠪᠬᠡᠨ ᠪᠠᠭ᠎ᠠ ᠰᠠᠭ᠎ᠠ ᠲᠡᠮᠦᠷᠯᠢᠭ ᠡᠲᠡᠯᠡᠯ᠂ ᠠᠯᠳᠠᠨ ᠮᠦᠩᠭᠦᠨ ᠠᠶᠠᠭ᠎ᠠ᠂ | ᠵᠢᠵᠢᠭ ᠲᠡᠮᠦᠷ ᠲᠤᠭᠤᠭ᠎ᠠ ᠲᠤᠯᠭ᠎ᠠ᠂ ᠮᠦᠩᠭᠦᠨ ᠪᠤᠷᠬᠠᠨ ᠵᠡᠷᠭᠡ ᠶᠢ ᠬᠢᠵᠦ ᠸᠠᠩ ᠨᠤᠶᠠᠳ ᠢᠵᠠᠭᠤᠷᠲᠠᠨ ᠤ ᠡᠲᠡᠯᠡᠯ | ᠬᠡᠷᠡᠭᠰᠡᠯ ᠢ ᠬᠠᠩᠭᠠᠳᠠᠭ ᠲᠡᠲᠦᠢ᠂ ᠡᠩ ᠤᠨ ᠮᠠᠯᠴᠢᠳ ᠮᠤᠳᠤᠨ ᠠᠶᠠᠭ᠎ᠠ ᠰᠠᠪᠠ ᠬᠡᠷᠡᠭᠯᠡᠲᠡᠭ ᠪᠠᠶᠢᠵᠠᠢ᠃ | ᠴᠡᠷᠢᠭ ᠵᠡᠪᠰᠡᠭ ᠤᠨ ᠬᠤᠪᠢ ᠳᠤ ᠵᠢᠯ ᠳᠠᠷᠠᠭᠠᠯᠠᠭᠰᠠᠨ ᠲᠠᠶᠢᠨ ᠤ ᠳᠤᠮᠳᠠ ᠬᠠᠪᠢ ᠵᠡᠷᠭᠡᠯᠡᠲᠡᠭᠡ ᠶᠢᠨ ᠬᠢᠲᠠᠳ | ᠤᠷᠤᠨ ᠠᠴᠠ ᠪᠤᠯᠢᠶᠠᠨ ᠠᠪᠴᠢᠷᠠᠳᠠᠭ᠂ ᠲᠡᠲᠡ ᠰᠤᠮᠤ ᠵᠡᠪᠡ ᠪᠠᠨ ᠲᠤᠩ ᠶᠡᠭᠡ ᠨᠠᠨᠲᠢᠩᠨᠠᠨ ᠬᠠᠶᠢᠷᠠᠯᠠᠵᠤ ᠬᠤᠭᠤᠰᠤᠨ | ᠰᠤᠮᠤ ᠬᠠᠷᠪᠤᠳᠠᠭ ᠦᠭᠡᠢ᠃ ᠦᠷ᠎ᠡ ᠬᠡᠦᠬᠡᠳ ᠲᠡᠭᠡᠨ ᠦᠮᠴᠢ ᠬᠤᠪᠢᠶᠠᠬᠤ ᠳᠤ ᠨᠢᠭᠡ ᠲᠤᠭᠤᠭ᠎ᠠ ᠶᠢ ᠬᠤᠶᠠᠷ | ᠬᠤᠪᠢᠶᠠᠬᠤ ᠶᠠᠪᠤᠳᠠᠯ ᠭᠠᠷᠳᠠᠭ᠃ ᠡᠶᠢᠮᠦ ᠠᠴᠠ ᠡᠮᠦᠨᠡᠰᠢ ᠪᠠᠭᠤᠵᠤ ᠡᠳ᠋ ᠪᠤᠳᠠᠰ ᠲᠡᠭᠡᠷᠡᠮᠲᠡᠭᠡᠳ ᠳᠤᠭᠤᠭ᠎ᠠ ᠤᠯᠬᠤ | ᠶᠢ ᠭᠠᠶᠢᠬᠠᠮᠰᠢᠭᠳᠤ ᠶᠠᠪᠤᠳᠠᠯ ᠪᠤᠯᠭᠠᠨ ᠦᠵᠡᠲᠡᠭ᠃ | ᠭᠠᠷ ᠦᠢᠯᠡᠳᠪᠦᠷᠢ ᠨᠢ ᠬᠡᠪᠴᠢᠶ᠎ᠡ ᠨᠢ ᠢᠪᠴᠦᠦ᠂ ᠮᠠᠯ ᠲᠠᠷᠢᠶᠠᠯᠠᠩ ᠠᠴᠠ ᠲᠤᠰᠠᠭᠠᠷᠯᠠᠵᠤ ᠴᠢᠳᠠᠭᠰᠠᠨ ᠦᠭᠡᠢ | ᠦᠢᠯᠡᠳᠪᠦᠷᠢᠯᠡᠯ ᠤᠨ ᠬᠦᠴᠦ ᠨᠢ ᠲᠤᠷᠤᠢ᠃ ᠭᠠᠷ ᠦᠢᠯᠡᠳᠪᠦᠷᠢ ᠳᠤ ᠲᠤᠰᠬᠠᠢ ᠤᠷᠠᠴᠤᠳ ᠲᠠᠷᠬᠠᠳ ᠠᠴᠠ | ᠡᠷᠬᠢᠯᠡᠭᠰᠡᠨ ᠪᠠ ᠮᠠᠯᠴᠢᠨ ᠲᠠᠷᠢᠶᠠᠴᠢᠨ ᠠᠴᠠ ᠬᠠᠪᠰᠤᠷᠭᠠᠨ ᠡᠷᠬᠢᠯᠡᠭᠰᠡᠨ ᠭᠡᠬᠦ ᠬᠤᠶᠠᠷ ᠵᠤᠶᠢᠯ ᠪᠠᠶᠢᠳᠠᠭ᠃ ᠭᠡᠬᠦ ᠳᠡᠭᠡᠨ | ᠴᠠᠭᠠᠨ ᠢᠲᠡᠭᠡᠨ ᠤ ᠰᠠᠪᠠ ᠬᠡᠷᠡᠭᠰᠡᠯ ᠪᠠ ᠡᠩ ᠤᠨ ᠠᠮᠢᠳᠤᠷᠠᠯ ᠤᠨ ᠪᠠᠭᠠᠵᠢ ᠬᠡᠷᠡᠭᠯᠡᠭᠦᠷ ᠦᠢᠯᠡᠳᠪᠦᠷᠢᠯᠡᠬᠦ ᠪᠠᠷ | ᠭᠤᠤᠯ ᠪᠤᠯᠭᠠᠵᠤ ᠪᠠᠶᠢᠪᠠ᠃ ᠠᠩ ᠭᠦᠷᠦᠭᠡ ᠪᠠ ᠠᠶᠠᠨ ᠲᠠᠶᠢᠨ ᠤ ᠱᠠᠭᠠᠷᠳᠠᠯᠭ᠎ᠠ ᠠᠴᠠ ᠪᠤᠯᠵᠤ ᠮᠠᠯᠴᠢᠨ ᠠᠷᠠᠳ | ᠦᠪᠡᠷᠲᠡᠭᠡᠨ ᠨᠤᠮᠤ ᠰᠤᠮᠤ ᠵᠡᠷ ᠵᠡᠪᠰᠡᠭ ᠪᠡᠯᠡᠳᠬᠡᠲᠡᠭ᠂ ᠶᠡᠭᠡ ᠬᠡᠮᠵᠢᠶ᠎ᠡ ᠪᠠᠷ ᠦᠢᠯᠡᠳᠪᠦᠷᠢᠯᠡᠬᠦ ᠴᠢᠬᠤᠯᠠᠲᠠᠢ ᠦᠶ᠎ᠡ ᠳᠤ | ᠬᠢᠲᠠᠳ ᠲᠠᠷᠬᠠᠳ ᠢ ᠠᠪᠴᠢᠷᠠᠵᠤ ᠢᠵᠠᠭᠤᠷᠲᠠᠨ ᠤ ᠤᠷᠳᠤ ᠬᠠᠷᠰᠢ ᠶᠢᠨ ᠳᠤᠲᠤᠷ᠎ᠠ ᠦᠢᠯᠡᠳᠪᠦᠷᠢᠯᠡᠲᠡᠭ᠃ ᠨᠤᠮᠤ | ᠬᠢᠬᠦ ᠳᠤ ᠢᠯᠠᠮ᠎ᠠ ᠬᠠᠶᠢᠯᠠᠰᠤ ᠪᠠᠷ ᠡᠭᠦᠰᠬᠡᠭᠦᠷ ᠬᠢᠵᠦ᠂ ᠵᠡᠭᠡᠷ᠎ᠡ ᠪᠤᠶᠤ ᠵᠡᠷᠯᠢᠭ ᠦᠬᠡᠷ ᠤᠨ ᠡᠪᠡᠷ ᠢᠶᠠᠷ ᠨᠤᠮᠤ ᠬᠢᠵᠦ | ᠴᠠᠪᠠᠤ ᠶᠢᠨ ᠬᠡᠷᠡᠭᠰᠡᠯ ᠳᠤ ᠪᠤᠭᠤ ᠶᠢᠨ ᠠᠷᠠᠰᠤ ᠶᠢ ᠠᠰᠢᠭᠯᠠᠵᠤ᠂ ᠬᠦᠪᠴᠢ ᠶᠢ ᠨᠢ ᠨᠠᠷᠢᠨ ᠰᠤᠷ ᠢᠶᠠᠷ ᠬᠢᠵᠦ ᠪᠤᠳᠤᠭ | ᠲᠦᠷᠬᠢᠲᠡᠭ᠃ ᠰᠤᠮᠤ ᠶᠢᠨ ᠡᠰᠢ ᠶᠢ ᠤᠳᠠ ᠮᠤᠳᠤ ᠪᠠᠷ ᠬᠢᠵᠦ ᠵᠡᠪᠡ ᠶᠢ ᠲᠡᠮᠦᠷ ᠢᠶᠠᠷ ᠬᠢᠲᠡᠭ᠃ | ᠲᠡᠮᠦᠷ ᠬᠤᠶᠠᠭ ᠢ ᠬᠤᠶᠠᠷ ᠵᠤᠶᠢᠯ ᠳᠤ ᠬᠤᠪᠢᠶᠠᠵᠤ ᠲᠡᠮᠦᠷ ᠬᠠᠪᠳᠠᠰᠤ ᠶᠢ ᠠᠷᠠᠰᠤ ᠪᠠᠷ ᠪᠦᠷᠢᠭᠰᠡᠨ ᠢ ᠨᠢ | ᠲᠠᠯᠳᠠ ᠬᠤᠶᠠᠭ ᠭᠡᠵᠦ᠂ ᠠᠷᠠᠰᠤᠨ ᠬᠤᠶᠠᠭ ᠤᠨ ᠭᠠᠳᠠᠭᠤᠷ ᠲᠡᠮᠦᠷ ᠬᠠᠪᠳᠠᠰᠤ ᠪᠠᠷ ᠪᠦᠷᠢᠭᠰᠡᠨ ᠢ ᠨᠢ ᠭᠠᠳᠠᠷ | ᠬᠤᠶᠠᠭ ᠭᠡᠲᠡᠭ᠃ ᠮᠠᠯᠴᠢᠳ ᠬᠤᠨᠢᠨ ᠨᠤᠤᠰᠤ ᠪᠠᠷ ᠢᠰᠡᠭᠡᠢ ᠬᠢᠬᠦ᠂ ᠠᠷᠠᠰᠤ ᠰᠢᠷᠢ ᠪᠠᠷ ᠰᠣᠷ ᠪᠦᠰᠡ᠂ ᠲᠡᠭᠡᠰᠦ᠂ | ᠬᠤᠯᠪᠤᠭᠠᠰᠤ᠂ ᠠᠷᠠᠰᠤᠨ ᠲᠤᠯᠤᠮ ᠬᠢᠬᠦ ᠪᠤᠶᠤ ᠲᠡᠪᠡᠯ ᠬᠤᠪᠴᠠᠰᠤ ᠮᠠᠯᠠᠭᠠᠢ ᠭᠤᠳᠤᠯ ᠤᠶᠤᠵᠤ᠂ ᠮᠤᠳᠤ ᠪᠠᠷ ᠠᠶᠠᠭ᠎ᠠ | ᠰᠠᠪᠠ ᠵᠤᠬᠢᠶᠠᠵᠤ᠂ ᠮᠤᠷᠢᠨ ᠲᠡᠷᠭᠡ᠂ ᠦᠬᠡᠷ ᠲᠡᠷᠭᠡ᠂ ᠮᠤᠩᠭᠤᠯ ᠭᠡᠷ ᠢᠶᠠᠨ ᠦᠪᠡᠷᠰᠡᠳ ᠢᠶᠠᠨ ᠦᠢᠯᠡᠳᠪᠦᠷᠢᠯᠡᠲᠡᠭ᠃ | ᠤᠮᠠᠷᠠᠳᠤ ᠶᠤᠸᠠᠨ ᠬᠢᠭᠡᠳ ᠮᠢᠩ ᠤᠯᠤᠰ ᠤᠨ ᠬᠢᠯᠢ ᠵᠠᠯᠭᠠᠯᠳᠤᠵᠤ ᠪᠠᠶᠢᠭ᠎ᠠ ᠵᠡᠭᠦᠨ ᠡᠮᠦᠨᠡᠲᠦ ᠬᠡᠰᠡᠭ ᠪᠠ | ᠪᠤᠷᠤ ᠲᠤᠬᠤᠢ ᠤᠷᠤᠨ ᠳᠤ ᠲᠠᠷᠢᠶᠠᠯᠠᠩ ᠨᠡᠯᠢᠶᠡᠳ ᠡᠷᠲᠡ ᠬᠦᠭᠵᠢᠪᠡ᠃ ᠬᠢᠲᠠᠳ ᠲᠠᠷᠢᠶᠠᠴᠢᠳ ᠤᠨ ᠨᠦᠯᠦᠭᠡ ᠪᠠᠷ | ᠨᠢᠭᠡ ᠪᠦᠯᠦᠭ ᠮᠤᠩᠭᠤᠯᠴᠤᠳ ᠲᠠᠷᠢᠶᠠᠯᠠᠩ ᠡᠷᠬᠢᠯᠡᠵᠦ᠂ ᠨᠠᠷᠢᠮᠤ᠂ ᠪᠤᠭᠤᠲᠠᠢ᠂ ᠪᠤᠷᠴᠠᠭ ᠤᠨ ᠵᠤᠶᠢᠯ ᠪᠤᠶᠤ ᠮᠤᠩᠭᠤᠯ | ᠠᠮᠤ ᠲᠠᠷᠢᠬᠤ ᠪᠤᠯᠵᠠᠢ᠃ ᠦᠷᠭᠡᠰᠦᠲᠦ ᠬᠡᠮᠬᠡ᠂ ᠬᠠᠰᠢ᠂ ᠭᠠᠶᠢᠮᠤ ᠨᠤᠭᠤᠭ᠎ᠠ᠂ ᠰᠤᠩᠭᠢᠨ᠎ᠠ ᠭᠤᠭᠤᠳ ᠵᠡᠷᠭᠡ ᠢᠲᠡᠰᠢᠨ | ᠨᠤᠭᠤᠭ᠎ᠠ ᠶᠢᠨ ᠵᠤᠶᠢᠯ ᠴᠦ ᠳᠤᠮᠳᠠᠳᠤ ᠤᠷᠤᠨ ᠠᠴᠠ ᠤᠷᠤᠵᠤ ᠢᠷᠡᠵᠡᠢ᠃ | ᠤᠭᠤᠷ ᠲᠤ ᠪᠤᠳᠠᠭ᠎ᠠ ᠨᠦᠲᠦᠵᠦ ᠴᠠᠶᠢᠯᠭᠠᠨ᠂ ᠲᠡᠭᠡᠷᠮ᠎ᠡ ᠪᠠᠷ ᠭᠤᠯᠢᠷ ᠲᠠᠯᠬᠠᠳᠠᠵᠤ ᠪᠠᠰᠠ ᠲᠠᠬᠢᠶ᠎ᠠ᠂ ᠨᠤᠭᠤᠰᠤ᠂ | ᠭᠠᠯᠠᠭᠤ᠂ ᠭᠠᠭ᠋ᠠᠢ ᠵᠡᠷᠭᠡ ᠭᠡᠷ ᠤᠨ ᠲᠡᠵᠢᠭᠡᠪᠦᠷᠢ ᠲᠡᠵᠢᠭᠡᠵᠦ ᠳᠤᠰᠠᠯᠠᠬᠤ ᠠᠵᠤ ᠠᠬᠤᠢ ᠪᠤᠯᠭᠠᠳᠠᠭ᠃ | ᠤᠮᠠᠷᠠᠳᠤ ᠶᠤᠸᠠᠨ ᠬᠢᠭᠡᠳ ᠮᠢᠩ ᠤᠯᠤᠰ ᠤᠨ ᠠᠷᠠᠯᠵᠢᠶ᠎ᠠ ᠬᠤᠳᠠᠯᠳᠤᠭ᠎ᠠ ᠨᠢ ᠭᠤᠤᠯᠳᠠᠭᠤ ︿︿ᠠᠯᠪᠠ | ᠪᠠᠷᠢᠬᠤ﹀﹀ ᠪᠠ ᠵᠠᠬ᠎ᠠ ᠲᠡᠯᠭᠡᠭᠦᠷ ᠤᠨ ᠮᠠᠶ᠋ᠢᠭ ᠢᠶᠠᠷ ᠶᠠᠪᠤᠭᠳᠠᠵᠤ ᠪᠠᠶᠢᠪᠠ᠃ ᠮᠢᠩ ᠤᠯᠤᠰ ᠤᠨ ᠲᠦᠷᠦ ᠠᠴᠠ | ᠭᠤᠸᠠᠩᠨᠢᠩ ︵ᠯᠢᠶᠦᠦᠨᠢᠩ ᠤᠨ ᠪᠸᠢ ᠵᠧᠨ ᠰᠢᠶᠠᠨ︶ ᠳᠤ ᠮᠤᠷᠢᠨ ᠤ ᠠᠷᠠᠯᠵᠢᠶᠠᠨ ᠭᠠᠵᠠᠷ ᠪᠠᠶᠢᠭᠤᠯᠵᠤ᠂ ᠢᠵᠸᠦ | ︵ᠯᠢᠶᠦᠦᠨᠢᠩ ᠤᠨ ᠢ ᠰᠢᠶᠠᠨ︶ ᠳᠤ ᠮᠤᠳᠤᠨ ᠤ ᠠᠷᠠᠯᠵᠢᠶᠠᠨ ᠤ ᠭᠠᠵᠠᠷ ᠪᠠᠶᠢᠭᠤᠯᠵᠤ᠂ ᠤᠮᠠᠷᠠᠳᠤ ᠶᠤᠸᠠᠨ ᠤ ᠬᠢᠨ | ᠠᠳᠤᠭᠤ ᠮᠠᠯ ᠪᠤᠶᠤ ᠠᠷᠠᠰᠤ ᠨᠤᠤᠰᠤ᠂ ᠮᠤᠳᠤ ᠮᠤᠳᠤᠨ ᠮᠠᠲ᠋ᠧᠷᠢᠶᠡᠯ ᠵᠡᠷᠭᠡ ᠪᠠᠷ ᠮᠢᠩ ᠤᠯᠤᠰ ᠠᠴᠠ ᠭᠠᠷ | ᠦᠢᠯᠡᠳᠪᠦᠷᠢ ᠶᠢᠨ ᠪᠦᠲᠦᠭᠡᠭᠲᠡᠭᠦᠨ ᠪᠠ ᠠᠮᠤ ᠪᠤᠳᠠᠭ᠎ᠠ ᠠᠷᠠᠯᠵᠢᠨ ᠠᠪᠴᠤ ᠪᠠᠶᠢᠪᠠ᠃1406 ᠤᠨ ᠠᠴᠠ ᠡᠬᠢᠯᠡᠨ | ᠺᠠᠶᠢᠶᠤᠸᠠᠨ ᠤ ᠨᠠᠨ ᠭᠤᠸᠠᠨ ︵ᠯᠢᠶᠦᠦᠨᠢᠩ ᠮᠤᠵᠢ ᠶᠢᠨ ᠺᠠᠶᠢᠶᠤᠸᠠᠨ︶ ᠬᠠᠢ ᠰᠢ ︵ᠺᠠᠶᠢᠶᠤᠸᠠᠨ ᠵᠡᠭᠦᠨᠰᠢᠬᠢ ᠲᠠᠪᠤᠨ | ᠭᠠᠵᠠᠷ ᠲᠤ ᠪᠤᠢ︶ ᠭᠤᠸᠠᠩᠨᠢᠩ ᠵᠡᠷᠭᠡ ᠭᠠᠵᠠᠷ ᠲᠤ ᠮᠤᠷᠢᠨ ᠤ ᠠᠷᠠᠯᠵᠢᠶ᠎ᠠ ᠡᠷᠬᠢᠯᠡᠵᠦ ᠲᠤᠶᠤᠨ ︵ᠲᠤᠶᠤᠨ᠂ ᠲᠠᠢ ᠨᠢᠩ᠂ | ᠹᠦ᠋ ᠢᠦᠢ︶ ᠤ ᠭᠤᠷᠪᠠᠨ ᠬᠠᠷᠠᠭᠤᠯ ᠳᠤ ᠴᠢᠭᠯᠡᠭᠦᠯᠪᠡ᠃1408 ᠤᠨ ᠳᠤ ᠮᠢᠩ ᠴᠧᠩᠽᠦ ᠤᠮᠠᠷᠠᠳᠤ ᠶᠤᠸᠠᠨ ᠲᠠᠢ | ᠬᠢᠯᠢ ᠬᠠᠪᠢᠳᠠᠵᠤ ᠪᠦᠬᠦᠢ ᠭᠠᠨᠵᠸᠦ᠂ ᠯᠢᠶᠠᠩᠵᠸᠦ᠂ ᠯᠠᠨᠵᠸᠦ᠂ ᠨᠢᠩᠰᠢᠶᠠ ᠵᠡᠷᠭᠡ ᠭᠠᠵᠠᠷ ᠢᠶᠠᠷ ᠮᠤᠷᠢᠨ ᠤ ᠠᠷᠠᠯᠵᠢᠶ᠎ᠠ | ᠬᠢᠬᠦ ᠶᠢ ᠵᠦᠪᠰᠢᠶᠡᠷᠡᠵᠡᠢ᠃ ᠮᠢᠩ ᠤᠯᠤᠰ ᠤᠨ ᠵᠠᠰᠠᠭ ᠤᠨ ᠭᠠᠵᠠᠷ ᠠᠴᠠ ᠤᠮᠠᠷᠠᠳᠤ ᠶᠤᠸᠠᠨ ᠳᠤ ᠴᠡᠷᠢᠭ ᠤᠨ | ᠶᠠᠪᠤᠲᠠᠯ ᠤᠨ ᠲᠠᠯ᠎ᠠ ᠪᠠᠷ ᠲᠤᠪᠳᠤᠯᠬᠤ᠂ ᠤᠯᠤᠰ ᠲᠦᠷᠦ ᠶᠢᠨ ᠲᠠᠯ᠎ᠠ ᠪᠠᠷ ᠬᠠᠭᠠᠴᠠᠨ ᠵᠠᠳᠠᠷᠠᠭᠤᠯᠬᠤ ᠶᠢᠨ ᠬᠠᠮᠳᠤ | ᠠᠵᠤ ᠠᠬᠤᠢ ᠶᠢᠨ ᠲᠠᠯ᠎ᠠ ᠪᠠᠷ ᠪᠢᠲᠡᠭᠦᠮᠵᠢᠯᠡᠬᠦ ᠲᠦᠷᠦ ᠶᠢᠨ ᠪᠤᠳᠤᠯᠭ᠎ᠠ ᠠᠪᠤᠭᠰᠠᠨ ᠠᠴᠠ ᠤᠮᠠᠷᠠᠳᠤ ᠶᠤᠸᠠᠨ ᠤ | ᠡᠬᠢᠨ ᠤ ᠦᠶ᠎ᠡ ᠳᠤ ᠮᠢᠩ ᠤᠯᠤᠰ ᠯᠤᠭ᠎ᠠ ᠶᠢᠨ ᠠᠷᠠᠯᠵᠢᠶ᠎ᠠ ᠬᠤᠳᠠᠯᠳᠤᠭ᠎ᠠ ᠲᠠᠰᠤᠯᠤᠭᠳᠠᠬᠤ ᠳᠤ ᠬᠦᠷᠴᠡᠢ᠃ | ︵ᠦᠷᠭᠦᠯᠵᠢᠯᠡᠯ ᠪᠤᠢ︶ |