ᠤᠮᠠᠷᠠᠲᠦ ᠶᠤᠸᠠᠨ ᠤ ᠲᠡᠤᠭᠡ ︵ᠨᠢᠭᠡ︶
ᠨᠡᠶᠢᠲᠡᠯᠡᠭᠰᠡᠨ ᠴᠠᠭ᠄
2020/7/21
     1368 ᠤᠨ ᠳᠤ ᠶᠤᠸᠠᠨ ᠤᠯᠤᠰ ᠤᠨ ᠡᠴᠦᠰ ᠤᠨ ᠬᠠᠭᠠᠨ ᠲᠤᠭᠤᠨᠲᠡᠮᠦᠷ ᠬᠠᠰᠪᠤᠤ ᠲᠠᠮᠠᠭ᠎ᠠ ᠪᠠᠨ ᠬᠠᠨᠴᠤᠶᠢᠯᠠᠨ ᠬᠠᠲᠤᠳ ᠬᠦᠪᠡᠭᠦᠳ ᠦᠬᠢᠳ ᠵᠢᠴᠢ ᠰᠢᠲᠠᠷ ᠲᠠᠭᠠᠭᠰᠠᠳ ᠪᠤᠯᠤᠨ ᠴᠡᠷᠢᠭ ᠠᠩᠬᠢ ᠪᠠᠨ ᠲᠠᠭᠠᠭᠤᠯᠤᠨ ᠨᠡᠶᠢᠰᠯᠡᠯ ᠲᠠᠶᠢᠲᠤ ︵ᠪᠡᠭᠡᠵᠢᠩ︶ ᠠᠴᠠ ᠤᠬᠤᠷᠢᠨ ᠭᠠᠷᠴᠤ᠂ ᠮᠤᠯᠳᠤᠱᠢ ᠬᠠᠭᠠᠯᠭ᠎ᠠ ᠪᠠᠷ ᠦᠩᠭᠡᠷᠡᠨ ᠮᠤᠩᠭᠤᠯ ᠤᠷᠤᠨ  ᠳᠠᠭᠠᠨ ᠲᠤᠲᠠᠭᠠᠨ ᠬᠦᠷᠴᠦ ᠲᠦᠷ ᠴᠠᠭ ᠢᠩᠴᠠᠩ ︵ᠬᠡᠰᠢᠭᠲᠡᠨ ᠬᠤᠰᠢᠭᠤᠨ ᠤ ᠲᠠᠯᠠᠶᠢᠨᠠᠭᠤᠷ ᠤᠨ ᠪᠠᠷᠠᠭᠤᠨ ᠡᠷᠭᠢ  ᠳᠤ ᠪᠤᠢ᠂ ᠤᠮᠠᠷᠠᠲᠤ ᠶᠤᠸᠠᠨ ᠤ ᠦᠶ᠎ᠡ ᠠᠴᠠ ᠪᠠᠷᠰ ᠬᠤᠲᠠ ᠭᠡᠵᠦ ᠨᠡᠷᠡᠯᠡᠲᠡᠭ ᠵᠠᠩᠰᠢᠯ ᠲᠠᠢ ᠪᠤᠯᠵᠠᠢ︶ ᠳᠤ ᠨᠡᠶᠢᠰᠯᠡᠵᠡᠢ᠃      1370 ᠤᠨ ᠳᠤ ᠲᠤᠭᠤᠨᠲᠡᠮᠦᠷ ᠬᠠᠭᠠᠨ ᠴᠢᠴᠠᠭ᠎ᠠ ᠡᠪᠡᠳᠴᠢᠨ ᠢᠶᠠᠷ ᠢᠩᠴᠠᠩ ᠬᠤᠲᠠᠨ᠎ᠠ ᠪᠡᠶ᠎ᠡ ᠡᠴᠦᠰᠯᠡᠵᠡᠢ᠂ ᠲᠠᠪᠢᠨ ᠨᠢᠭᠡᠨ ᠨᠠᠰᠤᠯᠠᠵᠤ ᠭᠤᠴᠢᠨ ᠵᠢᠷᠭᠤᠭᠠᠨ ᠵᠢᠯ ᠶᠡᠭᠡ ᠤᠷᠤ ᠰᠠᠭᠤᠪᠠ᠃ ᠲᠤᠭᠤᠨᠲᠡᠮᠦᠷ ᠬᠠᠭᠠᠨ ᠪᠡᠭᠡᠵᠢᠩ ᠠᠴᠠ ᠲᠤᠲᠠᠭᠠᠬᠤ ᠦᠶ᠎ᠡ ᠳᠤ ᠲᠦᠴᠢᠨ ᠲᠦᠮᠡᠨ ᠮᠤᠩᠭᠤᠯ ᠠᠴᠠ ᠪᠠᠨ ᠵᠢᠷᠭᠤᠭᠠᠨ ᠲᠦᠮᠡᠨ ᠢ ᠠᠪᠴᠤ ᠭᠠᠷᠤᠨ ᠭᠤᠴᠢᠨ ᠲᠦᠷᠪᠡᠨ ᠲᠦᠮᠡᠨ ᠮᠤᠩᠭᠤᠯ ᠨᠢ ᠪᠦᠰᠡᠯᠡᠭᠲᠡᠨ ᠬᠤᠴᠤᠷᠪᠡ᠃ ᠡᠭᠦᠨ ᠠᠴᠠ ᠭᠠᠳᠠᠨ᠎ᠠ ᠳᠤᠳᠤᠷ ᠭᠠᠵᠠᠷ ᠬᠤᠴᠤᠷᠤᠭᠰᠠᠨ ᠵᠠᠭᠤᠨ ᠲᠦᠮᠡᠨ ᠴᠡᠷᠢᠭ ᠨᠢ ᠵᠡᠭᠦᠨ ᠬᠤᠶᠢᠳᠤ᠂ ᠪᠠᠷᠠᠭᠤᠨ ᠬᠤᠶᠢᠳᠤ ᠤᠷᠤᠨ ᠪᠤᠯᠤᠨ ᠶᠦᠨᠨᠠᠨ ᠵᠡᠷᠭᠡ ᠭᠠᠵᠠᠷ ᠢᠶᠠᠷ ᠰᠠᠭᠤᠷᠢᠰᠢᠵᠤ ᠮᠢᠩ ᠤᠯᠤᠰ ᠲᠠᠢ ᠮᠦᠴᠡᠷᠬᠡᠨ ᠲᠡᠮᠡᠴᠡᠲᠡᠭ ᠪᠠᠶᠢᠪᠠ᠃ ᠯᠢᠶᠤᠤᠲᠦᠩ ᠤᠷᠤᠨ᠎ᠠ ᠲᠠᠢ ᠸᠧᠢ ᠲᠦᠰᠢᠮᠡᠯ ᠨᠠᠬᠠᠴᠤ ︵ᠮᠤᠬᠤᠯᠠᠢ ᠶᠢᠨ ᠬᠤᠶᠢᠴᠢᠰ︶ ᠶᠢᠨ ᠵᠠᠬᠢᠷᠤᠭᠰᠠᠨ ᠬᠤᠷᠢᠨ ᠲᠦᠮᠡᠨ ᠴᠡᠷᠢᠭ ᠪᠠᠶᠢᠵᠤ᠂ ᠱᠠᠨᠰᠢ᠂ ᠭᠠᠨᠰᠤ ᠶᠢᠨ ᠬᠢᠵᠠᠭᠠᠷ ᠤᠷᠤᠨ ᠳᠤ ᠾᠧᠨᠠᠨ ᠸᠠᠩ ᠬᠦᠬᠡᠲᠡᠮᠦᠷ ︵ᠸᠠᠩ ᠪᠤᠤ ᠪᠤᠤ︶ ᠯᠧ ᠰᠧ ᠴᠢ᠂ ᠵᠠᠩ ᠯᠢᠶᠠᠩ ᠪᠢ ᠵᠡᠷᠭᠡ ᠬᠦᠮᠦᠰ ᠤᠨ ᠵᠠᠬᠢᠷᠤᠭᠰᠠᠨ ᠬᠡᠲᠦᠨ ᠠᠷᠪᠠᠨ ᠲᠦᠮᠡᠨ ᠴᠡᠷᠢᠭ ᠪᠠᠶᠢᠵᠤ᠂ ᠶᠦᠨᠨᠠᠨ ᠤᠷᠤᠨ᠎ᠠ ᠬᠤᠪᠢᠯᠠᠢ ᠬᠠᠭᠠᠨ ᠤ ᠤᠭᠰᠠᠭ᠎ᠠ ᠶᠢᠨ ᠯᠢᠶᠠᠩ ᠸᠠᠩ ᠪᠠᠵᠠᠯᠧᠷᠮᠢ ᠶᠢᠨ ᠨᠢᠭᠡᠨ ᠰᠠᠯᠠᠭ᠎ᠠ ᠠᠷᠪᠠᠨ ᠲᠦᠮᠡ ᠭᠠᠷᠤᠢ ᠴᠡᠷᠢᠭ ᠪᠠᠶᠢᠵᠠᠢ᠃      ᠠᠶᠤᠰᠢᠷᠢᠳᠠᠷ᠎ᠠ ︵ᠪᠢᠯᠢᠭᠲᠦ ᠬᠠᠭᠠᠨ︶ 1337 ᠤᠨ ᠳᠤ ᠲᠤᠭᠤᠨᠲᠡᠮᠦᠷ ᠬᠠᠭᠠᠨ ᠤ ᠴᠢ ᠤᠪᠤᠭᠲᠤ ᠲᠠᠲᠠᠪᠤᠷᠢ ︵ᠭᠤᠤᠯᠢ ᠬᠦᠮᠦᠨ︶ ᠠᠴᠠ ᠲᠦᠷᠦᠭᠰᠡᠨ ᠶᠤᠮ᠃ ᠬᠠᠷᠠᠬᠠᠨ ᠪᠠᠭ᠎ᠠ ᠠᠴᠠ ᠪᠠᠨ ᠲᠤᠭᠳᠤᠭ᠎ᠠ ᠶᠢᠨ ᠭᠡᠷ ᠲᠤ ᠦᠰᠦᠨ1353 ᠤᠨ ᠳᠤ ᠬᠠᠭᠠᠨ ᠲᠠᠶᠢᠽᠢ ᠡᠷᠭᠦᠮᠵᠢᠯᠡᠭᠲᠡᠪᠡ᠃ ᠳᠤᠭᠤᠨᠲᠡᠮᠦᠷ ᠬᠠᠭᠠᠨ ᠦᠲᠡᠯ᠎ᠡ ᠨᠠᠰᠤᠨ ᠳᠠᠭᠠᠨ ᠱᠠᠯᠢᠭ ᠵᠠᠪᠬᠠᠢ ᠶᠢᠨ ᠲᠤᠶᠢᠯ ᠳᠤ ᠬᠦᠷᠦᠨ ᠵᠠᠰᠠᠭ ᠲᠦᠷᠦ ᠶᠢᠨ ᠶᠠᠪᠤᠳᠠᠯ ᠳᠤ ᠴᠠᠯᠠᠭᠠᠶᠢᠳᠠᠭᠰᠠᠨ ᠠᠴᠠ ᠤᠯᠠᠭᠠᠨ ᠠᠯᠴᠢᠭᠤᠷᠳᠤ ᠴᠡᠷᠢᠭ ᠤᠨ ᠪᠤᠰᠤᠯᠭ᠎ᠠ ᠦᠳᠲᠦᠷ ᠲᠦᠷᠭᠡᠨ ᠦᠷᠨᠢᠨ ᠬᠦᠭᠵᠢᠭᠰᠡᠨ ᠶᠤᠮ᠃ ᠠᠶᠤᠰᠢᠷᠢᠳᠠᠷ᠎ᠠ ᠡᠨᠡᠬᠦ ᠲᠠᠰᠢᠷᠠᠮ ᠢᠶᠠᠷ ᠴᠤᠰᠬᠠᠨ ᠴᠢᠩᠰᠠᠩ ᠪᠤᠯᠤᠨ ᠪᠠᠶᠠᠭᠤ ᠪᠤᠬ᠎ᠠ ᠲᠠᠶᠢᠭᠠᠨ ᠢᠶᠠᠷ ᠳᠤᠳᠤᠭᠠᠳᠤ ᠲᠦᠰᠢᠭ ᠪᠤᠯᠭᠠᠨ ᠬᠦᠬᠡᠲᠡᠮᠦᠷ ᠢᠶᠠᠷ ᠭᠠᠳᠠᠭᠠᠳᠤ ᠳᠤᠰᠠᠯᠠᠮᠵᠢ ᠪᠤᠯᠭᠠᠨ ᠰᠠᠭᠤᠷᠢ ᠡᠵᠡᠯᠡᠬᠦ ᠭᠡᠳ ᠪᠡᠶᠡᠯᠡᠭᠲᠡᠵᠦ ᠴᠢᠳᠠᠭᠰᠠᠨ ᠦᠭᠡᠢ᠃1364 ᠤᠨ ᠳᠤ ᠲᠤᠭᠤᠨᠲᠡᠮᠦᠷ ᠬᠠᠭᠠᠨ ᠤ ᠲᠤᠳᠤᠨᠤ ᠢᠲᠡᠬᠡᠯᠲᠡᠨ ᠪᠤᠯᠤᠲᠡᠮᠦᠷ ᠤᠨ ᠳᠤᠰᠢᠶᠠᠯ ᠢ ᠤᠭᠴᠠᠷᠠᠭᠤᠯᠵᠤ ᠪᠤᠯᠤᠲᠡᠮᠦᠷ ᠤᠨ ᠴᠡᠷᠢᠭ ᠤᠨ ᠰᠠᠭᠤᠷᠢᠨ ᠳ᠋ᠠᠲ᠋ᠦ᠋ᠩ ᠢ ᠲᠤᠪᠳᠤᠯᠤᠭᠰᠠᠨ ᠪᠠᠶᠢᠨ᠎ᠠ᠃ ᠲᠠᠷᠠᠭ᠎ᠠ ᠵᠢᠯ ᠳᠤ ᠨᠢ ᠬᠦᠬᠡᠲᠡᠮᠦᠷ  ᠲᠠᠢ ᠬᠠᠮᠰᠠᠨ ᠲᠠᠶᠢᠳᠤ ᠶᠢ ᠲᠤᠪᠳᠤᠯᠤᠭᠰᠠᠨ ᠪᠠᠶᠢᠨ᠎ᠠ᠃ ᠪᠤᠯᠤᠲᠡᠮᠦᠷ ᠦᠬᠦᠭᠰᠡᠨ ᠤ ᠲᠠᠷᠠᠭ᠎ᠠ ᠬᠦᠬᠡᠲᠡᠮᠦᠷ ᠲᠠᠢ ᠬᠠᠮᠰᠠᠨ ᠵᠠᠰᠠᠭ ᠶᠠᠪᠤᠭᠤᠯᠵᠤ ᠪᠠᠶᠢᠪᠠ᠃1367 ᠤᠨ ᠳᠤ ᠬᠠᠭᠠᠨ ᠤ ᠵᠠᠷᠯᠢᠭ ᠢᠶᠠᠷ ᠤᠯᠤᠰ ᠤᠨ ᠴᠡᠷᠢᠭ ᠮᠤᠷᠢ ᠶᠢ ᠶᠡᠷᠦᠩᠬᠡᠶᠢᠯᠡᠨ ᠵᠠᠬᠢᠷᠪᠠ᠂1368 ᠤᠨ ᠳᠤ ᠲᠤᠭᠤᠨᠲᠡᠮᠦᠷ ᠬᠠᠭᠠᠨ ᠢ ᠲᠠᠭᠠᠵᠤ ᠱᠠᠩᠳᠤ ᠳᠤ ᠲᠤᠳᠠᠭᠠᠨ ᠢᠷᠡᠭᠡᠳ ᠲᠠᠷᠠᠭ᠎ᠠ ᠨᠢ ᠪᠠᠷᠰ ᠬᠤᠲᠠᠨ ᠳᠤ ᠵᠠᠶᠢᠯᠠᠨ ᠡᠴᠢᠪᠠ᠃      1368 ᠤᠨ ᠤ ᠡᠪᠦᠯ ᠲᠤᠭᠤᠨᠲᠡᠮᠦᠷ ᠬᠠᠭᠠᠨ ᠬᠦᠬᠡᠲᠡᠮᠦᠷ ᠢ ᠵᠠᠷᠯᠢᠭᠳᠠᠨ ᠲᠠᠶᠢᠶᠤᠸᠠᠨ ᠢ ᠲᠤᠪᠳᠤᠯᠭᠠᠵᠤ ᠲᠠᠶᠢᠳᠤ ᠶᠢ ᠡᠭᠡᠭᠦᠯᠦᠨ ᠠᠪᠬᠤ ᠭᠡᠳ ᠢᠯᠠᠭᠳᠠᠪᠠ᠂ ᠲᠠᠷᠠᠭ᠎ᠠ ᠵᠢᠯ ᠳᠤ ᠨᠢ ᠲᠤᠭᠤᠨᠲᠡᠮᠦᠷ ᠬᠠᠭᠠᠨ ᠪᠠᠰᠠ ᠶᠢᠰᠤ ᠴᠢᠩᠰᠠᠩ ᠢ ᠲᠤᠮᠢᠯᠠᠨ ᠲᠦᠩᠵᠸᠦ ︵ᠤᠳᠤ ᠶᠢᠨ ᠪᠡᠭᠡᠵᠢᠩ ᠤᠨ  ᠲᠦᠩ ᠰᠢᠶᠠᠨ︶ ᠪᠠᠷ ᠴᠡᠷᠢᠭ ᠭᠠᠷᠴᠤ ᠲᠠᠶᠢᠨ ᠬᠢᠭᠡᠳ ᠮᠢᠩ ᠤᠯᠤᠰ ᠤᠨ ᠵᠠᠩᠵᠤᠨ ᠴᠠᠩ ᠢᠤᠢ ᠴᠦᠨ ᠳᠤ ᠲᠡᠶᠢᠯᠦᠭᠲᠡᠪᠡ᠂ ᠮᠢᠩ ᠤᠯᠤᠰ ᠤᠨ ᠴᠡᠷᠢᠭ ᠢᠯᠠᠯᠲᠠ  ᠶᠢᠨ ᠡᠷᠴᠢᠨ ᠲᠡᠭᠡᠷ᠎ᠡ ᠪᠠᠨ ᠱᠠᠩᠳᠤ ᠶᠢ ᠲᠤᠪᠳᠤᠯᠵᠤ ᠤᠮᠠᠷᠠᠲᠤ ᠶᠤᠸᠠᠨ ᠤ ᠤᠭᠰᠠᠭᠠᠨ ᠸᠠᠩ ᠴᠢᠩ ᠱᠧᠩ ᠬᠢᠭᠡᠳ ᠫᠢᠩᠵᠠᠩ ᠲᠦᠰᠢᠮᠡᠯ ᠳ᠋ᠢᠩᠵᠸᠦ ᠶᠢ ᠪᠠᠷᠢᠪᠴᠢᠯᠠᠭᠰᠠᠨ ᠳᠤ ᠲᠤᠭᠤᠨᠲᠡᠮᠦᠷ ᠬᠠᠭᠠᠨ ᠢᠩᠴᠠᠩ ᠳᠤ ᠤᠬᠤᠷᠢᠨ ᠤᠴᠢᠪᠠ᠃      ᠯᠢ ᠰᠧ ᠴᠢ ︵1323 ᠊᠊᠊᠊1374︶1352 ᠤᠨ ᠳᠤ ᠴᠠᠭᠠᠨᠲᠡᠮᠦᠷ ᠲᠠᠢ ᠬᠠᠮᠳᠤ ᠭᠠᠵᠠᠷ ᠤᠨ ᠡᠵᠡᠨ ᠤ ᠵᠡᠪᠰᠡᠭᠲᠦ ᠬᠦᠴᠦᠨ ᠢ ᠵᠤᠬᠢᠶᠠᠨ ᠪᠠᠶᠢᠭᠤᠯᠤᠨ ᠲᠠᠶᠢᠴᠢᠯᠠᠵᠤ ᠤᠯᠠᠭᠠᠨ ᠠᠯᠴᠢᠭᠤᠷᠲᠠᠨ ᠤ ᠴᠡᠷᠢᠭ ᠢ ᠲᠠᠷᠤᠩᠭᠤᠶᠢᠯᠠᠵᠠᠢ᠂1369 ᠤᠨ ᠳᠤ ᠮᠢᠩ ᠤᠯᠤᠰ ᠤᠨ ᠵᠡᠭᠦᠨ ᠡᠲᠡᠭᠡᠳ ᠤᠨ ᠶᠡᠭᠡ ᠵᠠᠩᠵᠤᠨ ᠹᠧᠩ ᠽᠦᠩ ᠢ  ᠪᠠᠷ ᠴᠡᠷᠢᠭ ᠲᠠᠶᠢᠴᠢᠯᠠᠭᠤᠯᠤᠨ ᠯᠢᠨ ᠲᠤᠤ ᠳᠤ ᠬᠦᠷᠴᠦ ᠪᠠᠶᠢᠯᠳᠤᠭᠰᠠᠨ ᠳᠤ ᠯᠢ ᠰᠧ ᠴᠢ ᠲᠡᠶᠢᠯᠦᠭᠲᠡᠵᠦ ᠪᠠᠭᠤᠨ ᠦᠭᠴᠡᠢ᠃      ᠬᠦᠬᠡᠲᠡᠮᠦᠷ ︵︖ ᠊᠊᠊᠊᠊1375︶ ᠤᠨ ᠤᠤᠯ ᠨᠡᠷ᠎ᠡ ᠸᠠᠩ ᠪᠤᠤ ᠪᠤᠤ᠂ ᠶᠢᠩᠵᠸᠦ ᠶᠢᠨ ᠬᠦᠮᠦᠨ᠂ ᠶᠤᠸᠠᠨ ᠤᠯᠤᠰ ᠤᠨ ᠫᠢᠩᠵᠠᠩ ᠲᠦᠰᠢᠮᠡᠯ ᠴᠠᠭᠠᠨᠲᠡᠮᠦᠷ ᠲᠡᠭᠦᠨ ᠢ ᠦᠰᠬᠡᠵᠦ ᠵᠢᠷᠦᠮ ᠤᠨ ᠬᠦᠦ ᠪᠤᠯᠭᠠᠵᠠᠢ᠂ ᠲᠤᠭᠤᠨᠲᠡᠮᠦᠷ ᠬᠠᠭᠠᠨ ᠬᠦᠬᠡᠲᠡᠮᠦᠷ ᠨᠡᠷ᠎ᠡ ᠬᠠᠶᠢᠷᠠᠯᠠᠵᠠᠢ᠃1362 ᠤᠨ ᠳᠤ ᠴᠠᠭᠠᠨᠲᠡᠮᠦᠷ ᠦᠬᠦᠭᠰᠡᠨ ᠤ ᠲᠠᠷᠠᠭ᠎ᠠ ᠲᠡᠭᠦᠨ ᠢ ᠤᠷᠤᠯᠠᠨ ᠶᠡᠭᠡ ᠴᠡᠷᠢᠭ ᠢ ᠶᠡᠷᠦᠩᠬᠡᠶᠢᠯᠡᠨ ᠵᠠᠬᠢᠷᠴᠠᠢ᠃ ᠲᠤᠭᠤᠨᠲᠡᠮᠦᠷ ᠬᠠᠭᠠᠨ ᠲᠡᠭᠦᠨ ᠢ ᠲᠦᠪ ᠮᠤᠵᠢ ᠶᠢᠨ ᠫᠢᠩᠵᠠᠩ ᠲᠦᠰᠢᠮᠡᠯ᠂ ᠴᠡᠷᠢᠭ ᠤᠨ ᠶᠠᠪᠤᠳᠠᠯ ᠤᠨ ᠬᠦᠷᠢᠶᠡᠯᠡᠩ ᠤᠨ ᠡᠷᠬᠢᠯᠡᠭᠰᠡᠨ ᠰᠠᠶᠢᠳ ᠡᠷᠭᠦᠮᠵᠢᠯᠡᠵᠠᠢ᠃ ᠮᠦᠨ ᠵᠢᠯ ᠤᠨ ᠡᠪᠦᠯ ᠢᠳᠦ᠋ ︵ᠱᠠᠨᠳᠦ᠋ᠩ ᠤᠨ ᠬᠠᠷᠢᠶᠠᠨ ᠳᠤ ᠪᠤᠢ︶ ᠶᠢ ᠲᠤᠪᠳᠤᠯᠤᠨ ᠵᠢᠦᠢ ᠵᠸᠦ ︵ᠤᠳᠤ ᠶᠢᠨ ᠱᠠᠨᠳᠦ᠋ᠩ ᠤᠨ ᠵᠢᠦᠢ ᠰᠢᠶᠠᠨ︶ ᠶᠢ ᠪᠠᠶᠢᠯᠳᠤᠨ ᠠᠪᠤᠭᠠᠳ ᠱᠠᠨᠳᠦ᠋ᠩ ᠢ ᠲᠤᠭᠳᠠᠭᠠᠵᠠᠢ᠃ ᠬᠤᠵᠢᠮ ᠨᠢ ᠵᠢᠢ ᠨᠢᠩ ︵ᠤᠳᠤ ᠶᠢᠨ ᠱᠠᠨ ᠰᠢ  ᠶᠢᠨ ᠲᠠᠶᠢᠶᠤᠸᠠᠨ︶ ᠳᠤ ᠰᠠᠭᠤᠵᠤ ᠶᠡᠭᠡ ᠵᠠᠩᠵᠤᠨ ᠪᠤᠯᠤᠲᠡᠮᠦᠷ ᠲᠠᠢ ᠡᠷᠬᠡ ᠬᠦᠴᠦᠨ ᠪᠤᠯᠢᠶᠠᠯᠳᠤᠵᠤ ᠪᠠᠶᠢᠯᠳᠤᠭᠠᠨ ᠪᠤᠯᠪᠠ᠂ ᠤᠳᠠᠯ ᠦᠭᠡᠢ ᠪᠤᠯᠤᠲᠡᠮᠦᠷ ᠶᠤᠸᠠᠨ ᠤᠯᠤᠰ ᠠᠴᠠ ᠤᠷᠪᠠᠵᠤ ᠨᠡᠶᠢᠰᠯᠡᠯ ᠢ ᠬᠠᠯᠳᠠᠭᠰᠠᠨ ᠳᠤ ᠲᠠᠶᠢᠽᠢ ᠶᠢᠨ ᠵᠠᠷᠯᠢᠭ ᠢᠶᠠᠷ ᠴᠡᠷᠢᠭ ᠭᠠᠷᠭᠠᠵᠤ ᠪᠤᠯᠤᠲᠡᠮᠦᠷ ᠢ ᠲᠠᠶᠢᠯᠠᠭᠠᠳ ᠭᠠᠪᠢᠶ᠎ᠠ ᠪᠠᠶᠢᠭᠤᠯᠵᠤ ᠲᠠᠶᠢᠹᠦ᠋ ᠲᠦᠰᠢᠮᠡᠯ ᠪᠦᠭᠡᠳ ᠵᠡᠭᠦᠨ ᠭᠠᠷᠤᠨ ᠴᠢᠩᠰᠠᠩ ᠡᠷᠭᠦᠮᠵᠢᠯᠡᠭᠲᠡᠪᠡ᠂1365 ᠤᠨ ᠳᠤ ᠲᠤᠭᠤᠨᠲᠡᠮᠦᠷ ᠬᠠᠭᠠᠨ ᠲᠡᠭᠦᠨ ᠢ ᠾᠧᠨᠠᠨ ᠸᠠᠩ ᠡᠷᠭᠦᠮᠵᠢᠯᠡᠪᠡ᠃1368 ᠤᠨ ᠳᠤ ᠬᠦᠬᠡᠲᠡᠮᠦᠷ ᠮᠢᠩ ᠤᠯᠤᠰ ᠤᠨ ᠵᠠᠩᠵᠤᠨ ᠰᠢᠦᠢ ᠳ᠋ᠠ ᠳᠤ ᠲᠡᠶᠢᠯᠦᠭᠲᠡᠵᠦ ᠲᠠᠶᠢᠶᠤᠸᠠᠨ ᠠᠴᠠ ᠤᠬᠤᠷᠢᠵᠤ ᠳ᠋ᠢᠩ ᠰᠢ ︵ᠭᠠᠨᠰᠤ ᠳᠤ ᠪᠤᠢ︶ ᠳᠤ ᠬᠦᠷᠦᠭᠡᠳ ᠲᠠᠬᠢᠨ ᠨᠢᠩᠰᠢᠶᠠ ᠪᠠᠷ ᠦᠩᠭᠡᠷᠡᠨ ᠪᠤᠭᠤᠮᠳᠠ ᠶᠢᠨ ᠭᠠᠳᠠᠨ᠎ᠠ ᠤᠬᠤᠷᠢᠨ ᠭᠠᠷᠴᠤ ᠶᠤᠸᠠᠨ ᠤ ᠬᠦᠴᠦᠨ ᠲᠠᠢ᠃ 1372 ᠤᠨ ᠳᠤ ᠰᠢᠦᠢ ᠳ᠋ᠠ᠂ ᠯᠢ ᠸᠧᠨ ᠵᠦᠩ᠂ ᠹᠧᠩ ᠱᠧᠩ ᠨᠠᠷ ᠤᠨ ᠤᠳᠤᠷᠢᠳᠤᠭᠰᠠᠨ ᠮᠢᠩ ᠤᠯᠤᠰ ᠤᠨ15 ᠲᠦᠮᠡᠨ ᠴᠡᠷᠢᠭ ᠭᠤᠷᠪᠠᠨ ᠵᠠᠮ ᠬᠤᠪᠢᠶᠠᠨ ᠪᠤᠭᠤᠮᠲᠠ ᠭᠠᠷᠴᠤ ᠭᠤᠪᠢ ᠶᠢᠨ ᠠᠷᠤ ᠳᠤ ᠭᠦᠨᠵᠡᠶᠢᠭᠡᠷᠡᠨ ᠤᠷᠤᠭᠠᠳ ᠮᠤᠩᠭᠤᠯ ᠤᠷᠤᠨ ᠢ ᠶᠡᠭᠡ ᠬᠡᠪᠴᠢᠶ᠎ᠡ ᠪᠠᠷ ᠲᠠᠶᠢᠯᠠᠭᠰᠠᠨ ᠳᠤ ᠬᠦᠬᠡᠲᠡᠮᠦᠷ ᠤᠮᠠᠷᠠᠳᠤ ᠶᠤᠸᠠᠨ ᠤ ᠴᠡᠷᠢᠭ ᠢ ᠲᠠᠶᠢᠴᠢᠯᠠᠨ ᠳᠤᠮᠳᠠ ᠵᠠᠮ ᠤᠨ ᠴᠡᠷᠢᠭ ᠰᠢᠦᠢ ᠳ᠋ᠠ᠂ ᠯᠠᠨ ᠢᠦᠢ ᠲᠠᠢ ᠪᠠᠶᠢᠯᠳᠤᠭᠠᠳ ᠲᠡᠶᠢᠯᠦᠭᠲᠡᠪᠡ᠂1374 ᠤᠨ ᠳᠤ ᠯᠠᠨ ᠢᠦᠢ᠂ ᠯᠢ ᠸᠧᠨ ᠵᠦᠩ ᠮᠢᠩ ᠤᠯᠤᠰ ᠤᠨ ᠴᠡᠷᠢᠭ ᠢ ᠲᠠᠶᠢᠴᠢᠯᠠᠨ ᠤᠮᠠᠷᠠᠳᠤ ᠶᠤᠸᠠᠨ ᠦᠭᠡᠲᠡ ᠲᠠᠭᠠᠷᠢᠯᠳᠠ ᠶᠠᠪᠤᠭᠤᠯᠤᠨ ︵ᠤᠳᠤ ᠶᠢᠨ ᠤᠯᠠᠭᠠᠨᠬᠠᠳᠠ ᠬᠤᠲᠠ  ᠶᠢᠨ ᠵᠡᠭᠦᠨ ᠢᠶᠠᠷ︶ ᠳ᠋ᠠ ᠱᠢ ᠶᠠᠨ ︵ᠤᠳᠤ ᠶᠢᠨ ᠤᠯᠠᠭᠠᠨᠬᠠᠳᠠ ᠬᠤᠲᠠ︶ ᠵᠠᠨ ᠮᠤᠤ ᠱᠠᠨ ᠵᠡᠷᠭᠡ ᠭᠠᠵᠠᠷ ᠢ ᠡᠵᠡᠯᠡᠨ ᠠᠪᠴᠤ ᠶᠤᠸᠠᠨ ᠤᠯᠤᠰ ᠤᠨ ᠯᠦ ᠸᠠᠩ ᠢ ᠬᠤᠷᠤᠭᠠᠪᠠ᠃      1375 ᠤᠨ ᠳᠤ ᠬᠦᠬᠡᠲᠡᠮᠦᠷ ᠲᠤᠤᠯᠠ ᠭᠤᠤᠯ ᠤᠨ ᠬᠦᠪᠡᠭᠡᠨ ᠳᠤ ᠮᠢᠩ ᠤᠨ ᠴᠡᠷᠢᠭ ᠲᠠᠢ ᠪᠠᠶᠢᠯᠳᠤᠭᠠᠳ ᠲᠡᠶᠢᠯᠦᠭᠲᠡᠭᠰᠡᠨ ᠴᠦ ᠲᠡᠷᠡ ᠤᠮᠠᠷᠠᠳᠤ ᠶᠤᠸᠠᠨ ᠤ ᠵᠠᠩᠵᠤᠨ ᠾᠧ ᠰᠦᠩ ᠵᠧ ᠲᠠᠢ ᠨᠡᠶᠢᠯᠡᠭᠰᠡᠨ ᠤ ᠲᠠᠷᠠᠭ᠎ᠠ ᠬᠠᠷᠠᠬᠤᠷᠠᠮ ᠤᠷᠴᠢᠮ ᠰᠢᠦᠢ ᠳ᠋ᠠ ᠶᠢᠨ ᠴᠡᠷᠢᠭ ᠢ ᠶᠡᠬᠡᠪᠡᠷ ᠢᠯᠠᠵᠤ ᠮᠢᠩ ᠤᠯᠤᠰ ᠤᠨ ᠭᠤᠤᠯ ᠬᠦᠴᠦᠨ ᠴᠡᠷᠢᠭ ᠲᠤ ᠬᠦᠨᠳᠦ ᠴᠤᠬᠢᠯᠲᠠ ᠦᠭᠴᠡᠢ᠃ ᠲᠡᠷᠡ ᠤᠳᠠᠯ ᠦᠭᠡᠢ ᠡᠪᠡᠳᠴᠢᠨ ᠢᠶᠠᠷ ᠦᠬᠦᠪᠡ᠃ ᠭᠦᠬᠡᠲᠡᠮᠦᠷ ᠮᠢᠩ ᠤᠯᠤᠰ ᠤᠨ ᠤᠯᠠᠨ ᠤᠳᠠᠭᠠᠨ ᠤ ᠪᠠᠭᠤᠯᠭᠠᠵᠤ ᠠᠪᠬᠤ ᠭᠡᠰᠡᠨ ᠤᠷᠤᠯᠳᠤᠯᠭ᠎ᠠ ᠶᠢ ᠬᠦᠯᠢᠶᠡᠭᠰᠡᠨ ᠦᠭᠡᠢ᠃      1381 ᠤᠨ ᠳᠤ ᠵᠦ ᠶᠤᠸᠠᠨ ᠵᠠᠩ ᠠᠴᠠ ᠹᠦ᠋ ᠶᠢᠦ ᠳ᠋ᠧ᠂ ᠮᠦ ᠶᠢᠩ᠂ ᠯᠠᠨ ᠢᠦᠢ ᠪᠠᠷ ᠴᠡᠷᠢᠭ ᠲᠠᠶᠢᠴᠢᠯᠠᠭᠤᠯᠤᠨ ᠬᠤᠶᠠᠷ ᠵᠠᠮ ᠢᠶᠠᠷ ᠪᠠᠢ ᠰᠢ ᠵᠢᠶᠠᠩ ︵ᠤᠳᠤ ᠶᠢᠨ ᠶᠦᠨᠨᠠᠨ ᠤ ᠴᠢᠦᠢ ᠵᠢᠩ ᠰᠢᠶᠠᠨ ᠤ ᠵᠡᠭᠦᠨ ᠬᠤᠶᠢᠨ᠎ᠠ︶ ᠤᠮᠠᠷᠠᠳᠤ ᠶᠤᠸᠠᠨ ᠤ ᠴᠡᠷᠢᠭ ᠢ ᠶᠠᠬᠡᠪᠡᠷ ᠲᠡᠶᠢᠯᠪᠡ᠂ ᠤᠮᠠᠷᠠᠳᠤ ᠶᠤᠸᠠᠨ ᠤᠯᠤᠰ ᠤᠨ ᠯᠢᠶᠠᠩ ᠸᠠᠩ ᠪᠠᠵᠠᠯᠸᠡᠷᠮᠢ ᠦᠷᠭᠦᠯᠵᠢᠯᠡᠨ ᠡᠰᠡᠷᠭᠦᠴᠡᠨ ᠲᠡᠮᠡᠴᠡᠭᠰᠡᠨ ᠴᠦ ᠴᠡᠷᠢᠭ ᠲᠡᠶᠢᠯᠦᠭᠲᠡᠨ ᠪᠡᠶ᠎ᠡ ᠪᠠᠨ ᠬᠤᠤᠷᠯᠠᠪᠠ᠃      ᠶᠤᠸᠠᠨ ᠤᠯᠤᠰ ᠤᠨ ᠲᠤᠭᠤᠨᠲᠡᠮᠦᠷ ᠬᠠᠭᠠᠨ ᠤ ᠤᠮᠠᠷᠠᠰᠢ ᠵᠠᠶᠢᠯᠠᠨ ᠢᠷᠡᠭᠰᠡᠨ ᠤ ᠳᠠᠷᠠᠭ᠎ᠠ ᠨᠠᠬᠠᠴᠤ ︵ᠮᠤᠬᠤᠯᠠᠢ ᠶᠢᠨ ᠬᠤᠶᠢᠴᠢᠰ᠂ ᠶᠤᠸᠠᠨ ᠤ ᠰᠡᠭᠦᠯᠴᠢ ᠶᠢᠨ ᠦᠷᠯᠦᠭ ᠵᠠᠩᠵᠤᠨ︶ ᠶᠡᠭᠡ ᠴᠡᠷᠢᠭ ᠢᠶᠠᠷ ᠢᠶᠠᠨ ᠵᠢᠨᠱᠠᠨ᠂ ᠯᠢᠶᠤᠤ ᠶᠠᠩ ᠢ ᠰᠠᠬᠢᠨ ᠦᠪᠡᠷ ᠢ ᠪᠠᠨ ᠬᠠᠮᠠᠭᠠᠯᠠᠵᠤ ᠵᠡᠭᠦᠨ᠎ᠡ ᠺᠠᠶᠢᠶᠤᠸᠠᠨ ︵ᠤᠳᠤ ᠶᠢᠨ ᠯᠢᠶᠤᠤᠨᠢᠩ ᠤᠨ ᠬᠠᠷᠢᠶᠠᠨ  ᠳᠤ ᠪᠤᠢ︶ ᠠᠴᠠ ᠪᠠᠷᠠᠭᠤᠨᠰᠢ ᠴᠢᠭᠤᠯᠤᠯᠳᠤ ᠬᠠᠭᠠᠯᠭ᠎ᠠ ᠬᠦᠷᠲᠡᠯᠡᠬᠢ ᠭᠠᠵᠠᠷ ᠢ ᠡᠵᠡᠯᠡᠵᠦ ᠬᠤᠷᠢᠨ ᠲᠦᠮᠡᠨ ᠶᠡᠭᠡ ᠴᠡᠷᠢᠭ ᠲᠠᠢ᠂ ᠲᠤᠭᠤᠨᠲᠡᠮᠦᠷ ᠬᠠᠭᠠᠨ ᠤ ᠲᠠᠶᠢᠴᠢᠯᠠᠭᠰᠠᠨ ᠳᠤᠮᠳᠠ ᠵᠠᠮ ᠤᠨ ᠴᠡᠷᠢᠭ ᠪᠠ ᠬᠦᠬᠡᠲᠡᠮᠦᠷ ᠤᠨ ᠲᠠᠶᠢᠴᠢᠯᠠᠭᠰᠠᠨ ᠪᠠᠷᠠᠭᠤᠨ ᠵᠠᠮ ᠤᠨ ᠴᠡᠷᠢᠭ ᠲᠠᠢ ᠬᠠᠮᠰᠠᠵᠤ ᠮᠢᠩ ᠤᠨ ᠤᠮᠠᠷᠠᠰᠢ ᠲᠠᠶᠢᠯᠬᠤ ᠶᠢ ᠬᠤᠷᠢᠭᠯᠠᠵᠤ ᠪᠠᠶᠢᠵᠠᠢ᠂ 1372 ᠤᠨ ᠤ11 ᠰᠠᠷ᠎ᠠ ᠳ᠋ᠤ᠋‌‍ᠲ᠋ᠡᠷᠡ ᠴᠡᠷᠢᠭ ᠲᠠᠶᠢᠴᠢᠯᠠᠨ ᠮᠢᠩ ᠤᠯᠤᠰ ᠤᠨ ᠯᠢᠶᠦᠦᠳᠦ᠋ᠩ ᠳᠠᠬᠢ ᠴᠡᠷᠢᠭ ᠤᠨ ᠠᠮᠤ ᠬᠦᠨᠡᠰᠦᠨ ᠤ ᠴᠢᠬᠤᠯᠠ ᠭᠠᠵᠠᠷ ᠪᠤᠯᠬᠤ ᠨᠢᠦ ᠵᠢᠶᠠ ᠵᠤᠸᠠᠩ ︵ᠤᠳᠤ ᠶᠢᠨ ᠯᠢᠶᠤᠤᠨᠢᠩ ᠤᠨ ᠬᠠᠢ ᠴᠧᠩ ᠰᠢᠶᠠᠨ ᠤ ᠬᠢᠵᠠᠭᠠᠷ ᠲᠤ ᠪᠤᠢ︶ ᠢ ᠪᠠᠶᠢᠯᠳᠤᠨ ᠡᠵᠡᠯᠡᠭᠡᠳ ᠠᠷᠪᠠᠨ ᠲᠦᠮᠡᠨ ᠳ᠋ᠠᠨ ᠠᠮᠤ ᠪᠤᠳᠠᠭ᠎ᠠ ᠶᠢ ᠨᠢ ᠰᠢᠲᠠᠭᠠᠵᠤ ᠰᠦᠢᠳᠬᠡᠭᠰᠡᠨ ᠪᠠᠶᠢᠨ᠎ᠠ᠃ ᠬᠡᠵᠢᠶ᠎ᠡ ᠰᠡᠭᠦᠯᠡᠷ ᠨᠢ1387 ᠤᠨ ᠳᠤ ᠮᠢᠩ ᠤᠯᠤᠰ ᠬᠤᠷᠢᠨ ᠲᠦᠮᠡᠨ ᠶᠡᠭᠡ ᠴᠡᠷᠢᠭ ᠲᠤᠮᠢᠯᠠᠨ ᠤᠮᠠᠷᠠᠰᠢ ᠲᠠᠶᠢᠯᠠᠭᠰᠠᠨ ᠳᠤ ᠨᠠᠬᠠᠴᠤ ᠲᠡᠶᠢᠯᠦᠭᠲᠡᠭᠡᠳ ᠭᠠᠳᠠᠨ᠎ᠠ ᠠᠴᠠ ᠳᠤᠰᠠᠯᠠᠬᠤ ᠬᠦᠴᠦᠨ ᠦᠭᠡᠢ ᠳᠤ ᠠᠷᠭ᠎ᠠ ᠪᠤᠰᠤ ᠪᠠᠭᠤᠵᠤ ᠦᠭᠭᠦᠭᠰᠡᠨ ᠢᠶᠠᠷ ᠮᠢᠩ ᠤᠯᠤᠰ ᠯᠢᠶᠤᠤᠳᠦ᠋ᠩ ᠤᠷᠤᠨ ᠢ ᠲᠦᠪᠰᠢᠳᠬᠡᠵᠡᠢ᠃ ᠮᠢᠩ ᠤᠯᠤᠰ ᠨᠠᠬᠠᠴᠤ ᠶᠢ ᠬᠠᠢ ᠰᠢ ᠾᠸᠦ ᠡᠷᠭᠦᠮᠵᠢᠯᠡᠪᠡ᠃ ᠲᠡᠷᠠᠭ᠎ᠠ ᠵᠢᠯ ᠤᠨ ᠲᠤᠯᠤᠭᠠᠨ ᠰᠠᠷ᠎ᠠ ᠳᠤ ᠨᠢ ᠨᠠᠬᠠᠴᠤ ᠮᠢᠩ ᠤᠯᠤᠰ ᠤᠨ ᠵᠠᠩᠵᠤᠨ ᠢ ᠳᠠᠭᠠᠯᠳᠤᠨ ᠶᠦᠨᠨᠠᠨ ᠢ ᠲᠠᠶᠢᠯᠠᠬᠤ ᠪᠠᠷ ᠶᠠᠪᠤᠬᠤ ᠵᠠᠮ ᠵᠠᠭᠤᠷ᠎ᠠ ᠪᠠᠨ ᠦᠴᠠᠩ ᠬᠦᠷᠦᠭᠡᠳ ᠠᠷᠢᠬᠢ ᠬᠡᠲᠦᠷᠡᠲᠡᠯ᠎ᠡ ᠤᠤᠭᠤᠭᠠᠳ ᠪᠡᠶ᠎ᠡ ᠡᠴᠦᠰᠯᠡᠵᠡᠢ᠃      ᠤᠮᠠᠷᠠᠳᠤ ᠶᠤᠸᠠᠨ ᠤ ᠡᠬᠢᠨ ᠤ ᠦᠶ᠎ᠡ ᠳᠤ ᠮᠢᠩ ᠤᠯᠤᠰ ᠤᠨ ᠵᠠᠰᠠᠭ ᠤᠨ ᠭᠠᠵᠠᠷ ᠠᠴᠠ ᠡᠭᠦᠷ ᠢ ᠨᠢ ᠡᠪᠲᠡᠵᠦ᠂ ᠦᠨᠲᠦᠰᠦ ᠶᠢ ᠨᠢ ᠠᠷᠢᠯᠭᠠᠬᠤ ᠪᠠᠷ ᠵᠤᠷᠢᠯᠲᠠ ᠪᠤᠯᠭᠠᠵᠤ ᠪᠡᠯᠴᠢᠭᠡᠷ ᠭᠠᠯᠳᠠᠬᠤ᠂ ᠬᠤᠲᠠ ᠪᠠᠯᠭᠠᠰᠤ ᠶᠢ ᠨᠢ ᠭᠠᠯᠲᠠᠨ ᠦᠨᠡᠰᠦᠨ ᠲᠤᠪᠷᠠᠭ ᠪᠤᠯᠭᠠᠬᠤ᠂ ᠠᠭᠲᠠ ᠶᠢ ᠨᠢ ᠲᠠᠭᠤᠬᠤ᠂ ᠠᠯᠠᠵᠤ ᠬᠢᠳᠤᠬᠤ ᠵᠡᠷᠭᠡ ᠪᠠᠷ ᠬᠠᠷᠬᠢᠰ ᠬᠡᠷᠴᠡᠭᠡᠢ ᠱᠦᠭᠦᠷᠲᠡᠯᠲᠡ ᠶᠠᠪᠤᠭᠤᠯᠤᠭᠰᠠᠨ ᠤ ᠤᠯᠠᠮ ᠠᠴᠠ ᠮᠤᠩᠭᠤᠯ ᠤᠷᠤᠨ ᠤ ᠬᠦᠮᠦᠨ ᠠᠮᠠ ᠶᠡᠬᠡᠪᠡᠷ ᠬᠤᠷᠤᠭᠳᠠᠨ ᠠᠵᠤ ᠠᠬᠤᠢ ᠬᠦᠨᠲᠦ ᠰᠦᠷᠡᠬᠡᠢ ᠲᠠᠯᠬᠢᠭᠲᠠᠨ ᠠᠷᠠᠯᠵᠢᠶ᠎ᠠ ᠬᠤᠳᠠᠯᠳᠤᠭ᠎ᠠ ᠨᠡᠪᠲᠡᠷᠡᠬᠦ ᠪᠠᠨ ᠪᠠᠶᠢᠭᠠᠳ ᠮᠠᠯᠴᠢᠨ ᠲᠦᠮᠡᠨ ᠭᠠᠯ ᠤᠰᠤᠨ ᠤ ᠭᠠᠰᠢᠭᠤᠨ ᠵᠤᠪᠠᠯᠠᠩ ᠳᠤ ᠤᠨᠠᠵᠠᠢ᠃      ᠳᠣᠳᠣᠷᠬᠠᠶᠢᠯᠠᠯᠲᠠ᠄ ︵ᠨᠤᠮ ᠤᠩᠰᠢᠭᠰᠠᠨ ᠲᠡᠮᠲᠡᠭᠯᠡᠯ ᠢᠶᠠᠨ ᠠᠲᠡ ᠰᠡᠶᠢᠷᠡᠭᠦᠯᠦᠯ᠎ᠡ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号