ᠤᠮᠠᠷᠠᠲᠤ ᠶᠤᠸᠠᠨ ᠤ ᠲᠡᠦᠬᠡ ︵ᠲᠠᠪᠤ︶
ᠨᠡᠶᠢᠲᠡᠯᠡᠭᠰᠡᠨ ᠴᠠᠭ᠄
2020/10/12
     ᠠᠷᠤᠭᠳᠠᠢ ᠪᠤᠯ ᠠᠰᠤᠳ ᠤᠨ ᠲᠤᠮᠤ ᠹᠸᠦᠲᠡᠯ ᠤᠨ ᠡᠵᠡᠨ ᠮᠦᠨ᠃ ᠲᠡᠷᠡ ᠤᠮᠠᠷᠠᠳᠤ ᠶᠤᠸᠠᠨ ᠤᠯᠤᠰ ᠤᠨ ᠴᠡᠷᠢᠭ ᠤᠨ ᠶᠠᠪᠤᠳᠠᠯ ᠤᠨ ᠬᠦᠷᠢᠶᠡᠯᠡᠩ ᠤᠨ ᠬᠡᠷᠡᠭ ᠮᠡᠳᠡᠭᠴᠢ ᠪᠠᠶᠢᠭᠰᠠᠨ ᠪᠦᠭᠡᠳ ᠲᠠᠶᠢᠱᠢ ᠶᠢᠨ ᠳᠤᠰᠢᠶᠠᠯ ᠲᠠᠢ ᠪᠠᠶᠢᠪᠠ᠃ ᠬᠦᠢᠯᠢᠴᠢ ᠶᠢ ᠢᠯᠠᠭᠰᠠᠨ ᠤ ᠳᠠᠷᠠᠭ᠎ᠠ ᠠᠷᠤᠭᠳᠠᠢ ᠶᠢᠨ ᠬᠦᠴᠦ ᠤᠯᠠᠮ ᠢᠶᠠᠷ ᠶᠡᠬᠡᠲᠦᠭᠡᠳ ᠡᠴᠦᠰ ᠲᠤ ᠬᠠᠭᠠᠨ ᠤ ᠡᠷᠬᠡ ᠶᠢ ᠬᠠᠵᠠᠭᠤᠳᠠᠭᠤᠯᠤᠨ ᠤᠮᠠᠷᠠᠳᠤ ᠶᠤᠸᠠᠨ ᠤᠯᠤᠰ ᠤᠨ ᠵᠠᠰᠠᠭ ᠢ ᠡᠵᠡᠷᠬᠡᠪᠡ᠃1412 ᠤᠨ ᠳᠤ ᠤᠶᠢᠷᠠᠳ ᠤᠨ ᠬᠦᠴᠦᠨ ᠤ ᠰᠢᠬᠠᠮᠳᠠᠭᠤᠯᠤᠯ ᠲᠤᠤᠷ᠎ᠠ ᠨᠢᠭᠡᠨ ᠦᠶ᠎ᠡ ᠮᠢᠩ ᠤᠯᠤᠰ ᠲᠤ ᠡᠶᠡᠯᠳᠦᠨ ᠲᠡᠭᠠᠵᠤ ᠪᠡᠭᠡᠵᠢᠩ ᠲᠤ ᠡᠯᠴᠢ ᠲᠤᠮᠢᠯᠠᠵᠤ ᠪᠠᠶᠢᠵᠠᠢ᠃ ᠮᠢᠩ ᠤᠯᠤᠰ ᠤᠨ ᠴᠧᠩᠽᠦ ᠬᠠᠭᠠᠨ ᠮᠤᠩᠭᠤᠯ ᠤᠨ ᠡᠯ᠎ᠡ ᠪᠦᠯᠦᠭ ᠤᠨ ᠵᠠᠪᠰᠠᠷ ᠶᠠᠰᠤ ᠬᠠᠶᠠᠵᠤ ᠬᠠᠷᠢᠯᠴᠠᠨ ᠦᠷᠢᠰᠦᠯᠳᠦᠭᠦᠯᠪᠡ᠃1423 ᠤᠨ ᠳᠤ ᠮᠢᠩ ᠤᠯᠤᠰ ᠤᠨ ᠵᠠᠰᠠᠭ ᠤᠨ ᠭᠠᠵᠠᠷ ᠠᠷᠤᠭᠳᠠᠢ ᠶᠢ ᠾᠸᠢ ᠨᠢᠩ ᠸᠠᠩ ᠡᠷᠭᠦᠮᠵᠢᠯᠡᠵᠦ ᠠᠶᠢᠮᠠᠭ ᠬᠠᠷᠢᠶᠠᠳᠤ ᠳᠤ ᠨᠢ ᠬᠡᠰᠢᠭ ᠮᠦᠩᠭᠦ ᠤᠯᠭᠤᠨ ᠬᠢᠵᠠᠭᠠᠷ  ᠤᠨ ᠠᠷᠠᠯᠵᠢᠶ᠎ᠠ ᠶᠢ ᠴᠦ ᠵᠦᠪᠰᠢᠶᠡᠷᠡᠵᠡᠢ᠃ ᠠᠷᠤᠭᠳᠠᠢ1410 ᠤᠨ ᠪᠤᠯᠤᠨ1419 ᠤᠨ ᠳᠤ ᠬᠤᠶᠠᠷ ᠤᠳᠠᠭ᠎ᠠ ᠤᠶᠢᠷᠠᠳ ᠵᠦᠭ ᠳᠠᠶᠢᠯᠠᠵᠤ ᠤᠶᠢᠷᠠᠳ ᠢ ᠶᠡᠬᠡᠪᠡᠷ ᠢᠯᠠᠭᠰᠠᠨ ᠪᠠᠶᠢᠨ᠎ᠠ᠃ ᠡᠭᠦᠨ ᠤ ᠵᠡᠷᠭᠡᠪᠡᠷ ᠤᠷᠢᠶᠠᠩᠬᠠᠢ ᠯᠤᠭ᠎ᠠ ᠵᠡᠪᠰᠡᠭᠳᠦ ᠬᠢᠮᠤᠷᠠᠯᠳᠤᠭᠠᠨ ᠡᠭᠦᠰᠬᠡᠵᠦ ᠡᠭᠦᠷ ᠢ ᠨᠢ ᠡᠪᠳᠡᠨ ᠪᠤᠴᠠᠵᠤ ᠮᠢᠩ ᠤᠯᠤᠰ ᠤᠨ ᠬᠢᠯᠢ ᠳᠠᠭᠠᠤ ᠤᠳᠤᠷᠯᠠᠨ ᠮᠠᠯᠵᠢᠵᠤ ᠰᠠᠭᠤᠵᠠᠢ᠃1422 ᠤᠨ ᠳᠤ ᠠᠷᠤᠭᠳᠠᠢ ᠬᠦᠴᠦᠨ ᠶᠡᠬᠡᠲᠦᠭᠰᠡᠨ ᠳᠡᠭᠡᠨ ᠡᠷᠡᠮᠰᠢᠵᠦ ᠮᠢᠩ ᠤᠯᠤᠰ ᠲᠠᠢ ᠡᠪᠯᠡᠷᠡᠬᠦ ᠪᠠᠨ ᠪᠤᠯᠢᠭᠠᠳ ᠴᠡᠷᠢᠭ ᠬᠦᠳᠡᠯᠭᠡᠨ ᠡᠮᠦᠨᠡᠰᠢ ᠮᠤᠷᠳᠠᠪᠠ᠃ ᠠᠷᠤᠭᠳᠠᠢ ᠶᠢᠨ ᠬᠤᠰᠢᠭᠤᠴᠢ ᠴᠡᠷᠢᠭ ᠰᠢᠩ ᠾᠧ ᠤᠷᠴᠢᠮ ᠬᠦᠷᠦᠭᠰᠡᠨ ᠳᠤ ᠮᠢᠩ ᠤᠯᠤᠰ ᠤᠨ ᠴᠧᠩᠽᠦ ᠬᠠᠭᠠᠨ ᠰᠡᠩᠳᠡ ᠮᠡᠩᠳᠡ ᠴᠡᠷᠢᠭ ᠠᠪᠴᠤ ᠤᠭᠳᠤᠨ ᠪᠠᠶᠢᠯᠳᠤᠭᠠᠳ ᠮᠦᠨ ᠭᠤᠷᠪᠠᠨ ᠵᠢᠯ ᠳᠠᠷᠠᠭᠠᠯᠠᠨ ᠲᠠᠶᠢᠯᠠᠯᠳᠤᠪᠠ᠃      1434 ᠤᠨ ᠳᠤ ᠠᠷᠤᠭᠳᠠᠢ ᠤᠶᠢᠷᠠᠳ ᠤᠨ ᠳᠤᠭᠤᠨ ᠲᠠᠶᠢᠱᠢ ᠶᠢᠨ ᠴᠷᠢᠭ ᠲᠤ ᠲᠡᠶᠢᠯᠦᠭᠲᠡᠵᠦ ᠬᠦᠪᠡᠭᠦᠨ ᠰᠢᠨᠠᠭᠠᠨ ᠤ ᠬᠠᠮᠳᠤ ᠠᠶᠢᠮᠠᠭ ᠬᠠᠷᠢᠶᠠᠳᠤ ᠲᠦᠮᠡ ᠭᠤᠷᠪᠠᠨ ᠮᠢᠩᠭ᠎ᠠ ᠭᠠᠷᠤᠢ ᠬᠦᠮᠦᠨ ᠢᠶᠠᠨ ᠳᠠᠭᠠᠭᠤᠯᠤᠨ ᠦᠯᠡ ᠠᠭᠤᠯᠠ᠂ ᠴᠠᠭᠠᠨ ᠨᠠᠭᠤᠷ ︵ᠤᠳᠤ ᠶᠢᠨ ᠦᠪᠦᠷ ᠮᠤᠩᠭᠤᠯ ᠤᠨ ᠦᠶᠦᠸᠡᠨ ᠰᠢᠶᠠᠨ ᠤ ᠵᠡᠭᠦᠨ ᠬᠡᠰᠡᠭ︶ ᠬᠠᠪᠢ ᠪᠠᠷ ᠮᠠᠯᠵᠢᠵᠤ ᠰᠠᠭᠤᠪᠠ᠃ ᠠᠳᠠᠢ ᠬᠠᠭᠠᠨ 1426 ᠤᠨ ᠳᠤ ᠬᠠᠭᠠᠨ ᠤᠷᠤ ᠰᠠᠭᠤᠪᠠ᠃ ᠠᠳᠠᠢ ᠶᠢ ᠬᠠᠰᠠᠷ ᠤᠨ ᠦᠷᠡᠳᠦᠰ ᠭᠡᠳᠡᠭ ᠬᠡᠯᠡᠯᠭᠡ ᠪᠤᠢ ᠴᠦ ᠦᠭᠡᠳᠡᠢ ᠶᠢᠨ ᠬᠤᠶᠢᠴᠢᠰ ᠭᠡᠳᠡᠭ ᠬᠡᠯᠡᠯᠭᠡ ᠨᠢ ᠢᠯᠡᠭᠦᠦ ᠪᠠᠳᠤᠲᠠᠢ᠃ ᠠᠳᠠᠢ  ᠶᠢᠨ ᠡᠵᠡᠮᠰᠢᠯ ᠭᠠᠵᠠᠷ ᠨᠢ ᠭᠠᠨᠰᠤ ᠶᠢᠨ ᠬᠢᠵᠠᠭᠠᠷ ᠲᠤ ᠪᠠᠶᠢᠵᠠᠢ᠃ ᠡᠨᠡ ᠪᠤᠯ ᠶᠠᠭ ᠦᠭᠡᠲᠡᠢ ᠶᠢᠨ ᠬᠤᠶᠢᠴᠢᠰ ᠤᠨ ᠬᠠᠷᠢᠶ᠎ᠠ ᠡᠵᠡᠮᠰᠢᠯ ᠭᠠᠵᠠᠷ ᠪᠤᠯᠬᠤ ᠶᠤᠮ᠃ ᠠᠳᠠᠢ ᠪᠤᠯ ᠡᠰᠡᠬᠦ ᠬᠠᠭᠠᠨ ᠤ ᠳᠠᠷᠠᠭᠠᠬᠢ ᠬᠠᠭᠠᠨ ᠮᠦᠨ᠃ ᠠᠳᠠᠢ᠂ ᠠᠷᠤᠭᠳᠠᠢ ᠬᠤᠶᠠᠭᠤᠯᠠ ᠮᠠᠬᠠᠮᠤ ︵ᠪᠠᠳᠤᠯᠠ︶ ᠶᠢ ᠪᠠᠶᠢᠯᠳᠤᠨ ᠢᠯᠠᠭᠠᠳ ᠠᠳᠠᠢ ᠮᠠᠬᠠᠮᠤ ᠶᠢᠨ ᠡᠬᠡᠨᠡᠷ ᠢ ᠠᠪᠴᠤ ᠠᠷᠤᠭᠳᠠᠢ ᠴᠦ ᠳᠤᠭᠤᠨ ᠢᠶᠠᠷ ᠬᠤᠨᠢ ᠮᠠᠯ ᠢᠶᠠᠨ ᠠᠳᠤᠭᠤᠯᠠᠭᠤᠯᠵᠤ ᠪᠠᠶᠢᠵᠠᠢ᠃ ᠳᠤᠭᠤᠨ ᠤ ᠡᠬᠡ ᠪᠤᠯ ᠡᠯᠪᠡᠭ ᠬᠠᠭᠠᠨ ᠤ ᠦᠬᠢᠨ ᠰᠠᠮᠤᠷ ᠭᠦᠩᠵᠦ ᠮᠦᠨ᠃ ᠰᠠᠮᠤᠷ ᠭᠦᠩᠵᠦ ᠠᠳᠠᠢ ᠬᠠᠭᠠᠨ ᠠᠴᠠ ᠭᠤᠶᠤᠵᠤ ᠪᠠᠶᠢᠭᠠᠳ ᠰᠢᠯᠠᠮᠤᠴᠢᠨ᠂ ᠰᠡᠶᠢᠮᠦᠴᠢᠨ ᠬᠤᠶᠠᠷ ᠡᠯᠴᠢᠨ ᠢᠶᠠᠷ ᠳᠤᠭᠤᠨ ᠢ ᠤᠶᠢᠷᠠᠳ ᠲᠤ ᠬᠦᠷᠭᠡᠯᠭᠡᠵᠡᠢ᠃      ᠳᠤᠭᠤᠨ ᠤᠶᠢᠷᠠᠳ ᠳᠠᠭᠠᠨ ᠪᠤᠴᠠᠭᠰᠠᠨ ᠤ ᠬᠤᠶᠢᠨ᠎ᠠ ᠲᠦᠷᠪᠡᠨ ᠲᠦᠮᠡᠨ ᠤ ᠴᠤᠭᠯᠠᠭ᠎ᠠ ᠪᠤᠯᠵᠤ ᠠᠷᠤᠭᠳᠠᠢ  ᠶᠢ ᠲᠠᠶᠢᠯᠠᠬᠤ ᠪᠤᠳᠤᠯᠭ᠎ᠠ ᠲᠤᠭᠳᠠᠭᠠᠨ ᠠᠳᠠᠢ ᠬᠠᠭᠠᠨ ᠤ ᠡᠯᠴᠢ ᠰᠢᠯᠠᠮᠤᠴᠢᠨ᠂ ᠰᠠᠶᠢᠮᠤᠴᠢᠨ ᠬᠤᠶᠠᠷ ᠢ ᠡᠯᠳᠡᠪ ᠢᠶᠠᠷ ᠠᠷᠭᠠᠳᠠᠨ ᠮᠡᠬᠡᠯᠡᠭᠰᠡᠨ ᠪᠦᠭᠡᠳ ᠳᠤᠭᠤᠨ ᠲᠠᠶᠢᠱᠢ ᠪᠡᠶ᠎ᠡ ᠪᠠᠷ ᠢᠶᠠᠨ ᠰᠠᠶᠢᠨ ᠮᠤᠷᠢ᠂ ᠪᠤᠯᠠᠭ᠎ᠠ᠂ ᠰᠢᠭᠦᠯᠡᠰᠦ ᠶᠢᠨ ᠠᠷᠠᠰᠤ ᠵᠡᠷᠭᠡ ᠰᠠᠶᠢᠨ ᠡᠳ᠋ ᠲᠠᠸᠠᠷ ᠠᠪᠴᠤ ᠠᠳᠠᠢ ᠬᠠᠭᠠᠨ ᠳᠤ ᠬᠦᠷᠭᠡᠬᠦ ᠪᠠᠷ ᠢᠷᠡᠬᠦ ᠳᠤ ᠨᠢ ᠠᠷᠤ ᠠᠴᠠ ᠲᠦᠷᠪᠡᠨ ᠤᠶᠢᠷᠠᠳ ᠤᠨ ᠴᠡᠷᠢᠭ ᠨᠢᠭᠤᠴᠠ ᠪᠠᠷ ᠳᠠᠭᠠᠯᠴᠠᠨ ᠢᠷᠡᠭᠡᠳ ᠠᠳᠠᠢ ᠬᠠᠭᠠᠨ ᠢ ᠭᠡᠨᠡᠲᠡᠭᠦᠯᠦᠨ ᠳᠠᠭᠠᠷᠢᠵᠤ ᠪᠠᠷᠢᠵᠤ ᠠᠪᠤᠭᠠᠳ ᠬᠤᠷᠤᠭᠠᠪᠠ᠃ ᠠᠳᠠᠢ ᠬᠠᠭᠠᠨ ᠡᠶᠢᠨᠬᠦ1438 ᠤᠨ ᠳᠤ ᠤᠶᠢᠷᠠᠳ ᠤᠨ ᠳᠤᠭᠤᠨ ᠲᠠᠶᠢᠱᠢ ᠶᠢᠨ ᠭᠠᠷ ᠲᠤ ᠡᠴᠦᠰ ᠪᠤᠯᠵᠠᠢ᠃      ᠠᠷᠤᠭᠳᠠᠢ ᠠᠴᠠ ᠰᠡᠭᠦᠯᠡᠷ ᠲᠠᠲ᠋ᠠᠷ ᠠᠶᠢᠮᠠᠭ ᠤᠨ ᠳᠤᠳᠤᠷ᠎ᠠ ᠠᠴᠠ ᠮᠦᠨ ᠬᠡᠲᠦ ᠬᠡᠲᠦᠨ ᠠᠯᠳᠠᠷᠳᠤ ᠳᠦᠷᠦᠭᠦᠳ ᠴᠤᠯᠭᠠᠷᠠᠨ ᠭᠠᠷᠴᠤ ᠶᠡᠭᠡ ᠡᠷᠬᠡ ᠶᠢ ᠡᠵᠡᠷᠬᠡᠵᠦ ᠪᠠᠶᠢᠭᠰᠠᠨ ᠶᠤᠮ᠃1453 ᠤᠨ ᠳᠤ ᠲᠠᠲ᠋ᠠᠷ ᠠᠶᠢᠮᠠᠭ  ᠤᠨ ᠪᠤᠯᠠᠢ ᠶᠢᠨ ᠬᠦᠴᠦᠨ ᠴᠢᠬᠢᠷᠠᠭᠵᠠᠨ ᠤᠶᠢᠷᠠᠳ ᠢ ᠳᠤᠪᠳᠤᠯᠤᠭᠠᠳ ᠠᠯᠠᠭ ᠲᠡᠮᠦᠷ ᠴᠢᠩᠰᠠᠩ ᠢ ᠠᠯᠠᠵᠠᠢ᠃1454 ᠤᠨ ᠳᠤ ᠪᠤᠯᠠᠢ᠂ ᠲᠠᠶᠢᠰᠤᠩ ᠬᠠᠭᠠᠨ ᠤ ᠬᠦᠪᠡᠭᠦᠨ ᠮᠠᠬᠠᠭᠦᠷᠭᠢᠰ ᠢ ᠬᠠᠭᠠᠨ ᠰᠠᠭᠤᠷᠢᠨ ᠳᠤ ᠡᠷᠭᠦᠨ ᠭᠠᠷᠭᠠᠭᠠᠳ ᠦᠭᠡᠭᠲᠦ ᠬᠠᠭᠠᠨ ᠬᠡᠮᠡᠨ ᠴᠤᠯᠠᠯᠠᠪᠠ᠃ ᠮᠠᠬᠠᠭᠦᠷᠭᠢᠰ ᠲᠡᠷᠡ ᠦᠶ᠎ᠡ ᠳᠤ ᠲᠤᠯᠤᠭᠠᠬᠠᠨ ᠨᠠᠰᠤᠳᠠᠢ ᠪᠠᠶᠢᠵᠠᠢ᠃1465 ᠤᠨ ᠳᠤ ᠮᠠᠬᠠᠭᠦᠷᠭᠢᠰ ᠢ ᠨᠠᠰᠤ ᠨᠦᠭᠴᠢᠭᠰᠡᠨ ᠤ ᠳᠠᠷᠠᠭ᠎ᠠ ᠲᠠᠲ᠋ᠠᠷ ᠤᠨ ᠲᠦᠷᠦᠭᠦᠴᠦᠳ ᠮᠤᠯᠤᠨ ᠢ ᠪᠤᠷᠵᠢᠭᠢᠨ ᠤᠪᠤᠭᠲᠠᠨ ᠤ ᠦᠷᠡᠲᠦᠰ ᠬᠡᠮᠡᠨ ᠬᠡᠮᠵᠢᠭᠦᠳ ᠤᠨ ᠲᠠᠭᠠᠳᠠᠷ ᠲᠠᠶᠢᠪᠤ ᠭᠤᠷᠯᠤᠰ ᠤᠨ ᠬᠤᠪᠴᠢᠷ ᠮᠤᠯᠠᠳᠠᠢ ᠬᠤᠶᠠᠷ ᠤᠩᠭᠤᠨᠢᠭᠤᠳ ᠤᠨ ᠮᠤᠤᠯᠢᠬᠠᠢ ᠸᠠᠩ ᠤᠨ ᠵᠠᠬ᠎ᠠ ᠳᠤ ᠬᠦᠷᠭᠡᠯᠭᠡᠪᠡ᠃1466 ᠤᠨ ᠳᠤ ᠮᠤᠤᠯᠢᠬᠠᠢ ᠸᠠᠩ ᠮᠤᠯᠤᠨ ᠢ ᠠᠷᠪᠠᠨ ᠲᠤᠯᠤᠭᠠᠨ ᠨᠠᠰᠤᠨ ᠳᠤ ᠨᠢ ᠬᠠᠭᠠᠨ ᠰᠠᠭᠤᠷᠢᠨ ᠳᠤ ᠲᠡᠳᠬᠦᠨ ᠭᠠᠷᠭᠠᠪᠠ᠃ ᠲᠡᠮᠡᠢ ᠤᠳᠠᠭᠰᠠᠨ ᠦᠭᠡᠢ ᠲᠠᠲ᠋ᠠᠷ ᠤᠨ ᠲᠦᠷᠦᠭᠦᠦ ᠤᠷᠤᠴᠤ ᠪᠤᠷᠤ ᠲᠤᠬᠤᠢ ᠤᠷᠤᠨ ᠳᠤ ᠤᠷᠤᠵᠤ ᠰᠠᠭᠤᠷᠢᠰᠢᠭᠰᠠᠨ  ᠪᠦᠭᠡᠳ ᠵᠠᠯᠭᠠᠪᠠᠷ ᠪᠤᠯᠠᠢ ᠪᠤᠯᠤᠨ ᠮᠤᠤᠯᠢᠬᠠᠢ ᠨᠠᠷ ᠴᠦ ᠪᠠᠭ᠎ᠠ ᠬᠠᠭᠠᠨ ᠢ ᠠᠪᠴᠤ ᠪᠤᠷᠤᠲᠤᠬᠤᠢ ᠤᠷᠤᠨ ᠳᠤ ᠤᠷᠤᠪᠠ᠃ ᠲᠡᠲᠡ ᠦᠷᠭᠦᠯᠵᠢ ᠮᠢᠩ ᠤᠯᠤᠰ ᠤᠨ ᠬᠢᠵᠠᠭᠠᠷ ᠤᠷᠤᠨ ᠢ ᠬᠠᠯᠳᠠᠨ ᠳᠤᠪᠳᠤᠯᠳᠠᠭ ᠪᠠᠶᠢᠯ᠎ᠠ᠃1467 ᠤᠨ ᠳᠤ ᠨᠤᠶᠠᠷᠬᠠᠭᠳᠠᠭᠴᠢ ᠪᠦᠯᠦᠭ ᠤᠨ ᠳᠤᠳᠤᠭᠠᠳᠤ ᠶᠢᠨ ᠬᠢᠮᠤᠷᠠᠯᠳᠤᠭᠠᠨ ᠡᠭᠦᠰᠴᠦ ᠪᠤᠯᠠᠢ᠂ ᠪᠠᠭ᠎ᠠ ᠬᠠᠭᠠᠨ ᠮᠤᠯᠤᠨ ᠢ ᠬᠤᠷᠤᠭᠠᠵᠤ᠂ ᠮᠤᠤᠯᠢᠬᠠᠢ᠂ ᠪᠤᠯᠠᠢ ᠶᠢ ᠠᠯᠠᠵᠤ᠂ ᠤᠷᠤᠴᠤ ᠶᠢ ᠪᠤᠷᠤ ᠲᠤᠬᠤᠢ ᠤᠷᠤᠨ ᠠᠴᠠ ᠦᠯᠳᠡᠨ ᠶᠠᠪᠤᠭᠤᠯᠪᠠ᠃ ᠢᠩᠬᠢᠭᠡᠳ1468 ᠤᠨ ᠳᠤ ᠬᠠᠷᠭᠤᠴᠠᠭ ᠤᠨ ᠬᠦᠪᠡᠭᠦᠨ ᠪᠠᠶᠠᠨᠮᠦᠩᠬᠡ ᠪᠤᠯᠬᠤ ᠵᠢᠨᠦᠩ ᠬᠠᠭᠠᠨ ᠰᠠᠭᠤᠨᠰᠠᠨ ᠠᠴᠠ ᠬᠤᠶᠢᠰᠢ ᠰᠠᠶ᠋ᠢ ᠠᠶᠢᠮᠠᠭ ᠪᠦᠯᠦᠭ ᠤᠨ ᠳᠤᠰᠠᠭᠠᠷ ᠬᠦᠴᠦ ᠪᠠᠭᠤᠷᠠᠨ ᠬᠠᠭᠠᠨ ᠡᠷᠬᠡ ᠶᠢᠨ ᠬᠦᠴᠦᠨ ᠰᠦᠷ ᠠᠭᠠᠵᠢᠮ  ᠪᠠᠷ ᠰᠡᠭᠦᠨ ᠮᠠᠨᠳᠤᠬᠤ ᠵᠠᠮ ᠳᠤ ᠤᠷᠤᠭᠰᠠᠨ ᠪᠠᠶᠢᠨ᠎ᠠ᠃       ︿ᠦᠷᠭᠦᠯᠵᠢᠯᠡᠯ ᠪᠤᠢ﹀
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号