ᠤᠯᠠᠩᠬᠢ ᠬᠦᠮᠦᠰ ᠬᠤᠳᠠᠯᠳᠤᠨ ᠠᠪᠴᠢᠷᠠᠬᠰᠠᠨ ᠵᠢᠮᠢᠰ ᠨᠢ ᠵᠢᠭᠠᠬᠠᠨ ᠢᠯᠵᠢᠷᠡᠭᠰᠨᠨ ᠪᠠᠶᠢᠪᠠᠯ ᠬᠢᠳᠤᠭ᠎ᠠ ᠪᠠᠷ | ᠲᠡᠷᠡᠬᠦ ᠬᠡᠰᠡᠭ ᠢ ᠵᠦᠰᠦᠨ ᠬᠠᠶᠠᠭᠠᠳ ᠢᠳᠡᠴᠢᠬᠡᠳᠡᠭ᠂ ᠦᠨᠡᠨᠳᠡᠬᠡᠨ ᠢᠩᠬᠢᠵᠦ ᠢᠳᠡᠬᠦ ᠨᠢ ᠵᠤᠬᠢᠰ ᠦᠬᠡᠢ ᠶᠤᠮ᠃ | ᠵᠢᠮᠢᠰ ᠪᠦᠬᠦᠨ ᠢ ᠬᠦᠯᠳᠡᠬᠡᠬᠦᠷ ᠲᠤ ᠬᠠᠳᠠᠭᠠᠯᠠᠵᠤ ᠪᠤᠯᠬᠤ ᠦᠬᠡᠢ᠃ ᠵᠢᠱᠢᠶᠡᠯᠡᠪᠡᠯ᠂ ᠬᠠᠯᠠᠭᠤᠨ ᠪᠦᠰᠡᠨ ᠳᠤ | ᠤᠷᠭᠤᠳᠠᠭ ᠪᠠᠨᠠᠨᠠ᠂ ᠠᠪᠠᠷᠠᠢ ᠵᠡᠷᠬᠡ᠃ ᠤᠴᠢᠷ ᠨᠢ ᠡᠳᠡᠬᠡᠷ ᠵᠢᠮᠢᠰ ᠢ ᠬᠦᠯᠳᠡᠬᠡᠬᠦᠷ ᠲᠤ ᠬᠠᠳᠠᠭᠠᠯᠠᠪᠠᠯ | ᠠᠮᠠᠷᠬᠠᠨᠡᠪᠳᠡᠷᠡᠳᠡᠭ᠃ ᠬᠡᠷᠪᠡ ᠵᠢᠮᠢᠰ ᠢ ᠲᠡᠬᠡᠬᠡᠪᠦᠷᠢᠯᠡᠬᠦ ᠶᠠᠪᠤᠴᠠ ᠳᠤ ᠰᠢᠷᠬᠠᠳᠤᠵᠤ ᠡᠪᠳᠡᠷᠡᠭᠰᠡᠨ ᠬᠡᠰᠡᠭ ᠪᠠᠶᠢᠪᠠᠯ | ᠲᠡᠬᠦᠨ ᠢ ᠬᠢᠳᠤᠭ᠎ᠠ ᠪᠠᠷ ᠵᠦᠰᠦᠨ ᠬᠠᠶᠠᠵᠤ ᠢᠳᠡᠵᠦ ᠪᠤᠯᠤᠨ᠎ᠠ᠃ ᠬᠡᠳᠡᠯ᠎ᠡ ᠵᠠᠷᠢᠮ ᠪᠠᠺᠲ᠋ᠧᠷᠢ ᠶᠢᠨ ᠴᠢᠨᠠᠷᠳᠠᠢ | ᠢᠯᠵᠢᠷᠡᠭᠰᠡᠨ ᠵᠢᠮᠢᠰ ᠢ ᠢᠳᠡᠵᠦ ᠪᠤᠯᠬᠤ ᠦᠬᠡᠢ᠃ ᠪᠢᠴᠢᠯ ᠪᠤᠳᠠᠰ ᠠᠴᠠ ᠪᠤᠯᠤᠬᠰᠠᠨ ᠢᠯᠵᠢᠷᠡᠭᠰᠡᠨ ᠬᠡᠰᠡᠭ ᠨᠢ | ᠵᠦᠪᠬᠡᠨ ᠨᠢᠳᠦ ᠪᠠᠷ ᠤᠯᠵᠦ ᠬᠠᠷᠠᠬᠰᠠᠨ ᠬᠠᠮᠤᠭ ᠤᠨ ᠶᠡᠭᠡ ᠬᠡᠮᠵᠢᠶᠡᠨ ᠳᠤ ᠬᠦᠷᠳᠡᠯ᠎ᠡ ᠢᠯᠵᠢᠷᠡᠭᠰᠡᠨ ᠲᠡᠳᠦᠢ᠂ | ᠬᠠᠷᠢᠨ ᠪᠠᠺᠲ᠋ᠧᠷᠢ ᠪᠤᠰᠤᠳ ᠢᠯᠵᠢᠷᠡᠭᠡ ᠦᠬᠡᠢ ᠬᠡᠰᠡᠭ ᠲᠤ ᠲᠠᠷᠬᠠᠬᠰᠠᠨ ᠢ ᠤᠯᠠᠩᠬᠢ ᠬᠦᠮᠦᠰ ᠮᠡᠳᠡᠳᠡᠭ ᠦᠬᠡᠢ᠃ | ᠵᠢᠱᠢᠶᠡᠯᠡᠪᠡᠯ᠂ ᠬᠢᠨᠵᠢᠳᠦ ᠰᠫᠤᠷ ᠪᠠᠺᠲ᠋ᠧᠷᠢ ᠨᠢ ᠠᠯᠮᠤᠷᠠᠳ᠂ ᠬᠦᠴᠢᠳᠡᠢ ᠵᠦᠷᠵᠢ᠂ ᠡᠪᠤᠯ ᠤᠨ ᠴᠢᠪᠠᠭ᠎ᠠ᠂ ᠲᠤᠯᠤᠭᠤᠨ᠎ᠠ | ᠵᠡᠷᠬᠡ ᠤᠯᠠᠷᠢᠯ ᠤᠨ ᠵᠢᠮᠢᠰ ᠲᠤ ᠠᠮᠠᠷᠬᠠᠨ ᠨᠠᠭᠠᠯᠳᠤᠵᠤ ᠢᠯᠵᠢᠷᠡᠬᠦᠯᠳᠡᠭ᠃ ᠡᠶᠢᠮᠦᠷᠬᠦ ᠢᠯᠵᠢᠷᠡᠭᠰᠡᠨ ᠵᠢᠮᠢᠰ ᠤᠨ | ᠬᠤᠤᠷᠠᠳᠦ ᠴᠢᠨᠠᠷ ᠨᠢ ᠬᠦᠮᠦᠨ ᠤ ᠪᠡᠶ᠎ᠡ ᠶᠢᠨ ᠡᠷᠡᠬᠦᠯ ᠮᠡᠨᠳᠦ ᠶᠢ ᠨᠦᠯᠦᠬᠡᠯᠡᠨ᠎ᠡ᠃ ᠲᠠᠷᠤᠢ ᠬᠤᠳᠤᠭᠤᠳᠤ ᠬᠡᠳᠡᠰᠦᠨ ᠤ | ᠬᠡᠪ ᠤᠨ ᠠᠵᠢᠯᠯᠠᠭ᠎ᠠ ᠶᠢ ᠰᠠᠮᠠᠭᠤᠷᠠᠭᠤᠯᠬᠤ᠂ ᠬᠠᠷ᠎ᠠ ᠪᠦᠬᠡᠷ᠎ᠡ ᠬᠠᠪᠤᠳᠬᠤ ᠵᠡᠷᠬᠡ ᠢᠯᠡᠷᠡᠯ ᠲᠠᠢ ᠪᠤᠯᠵᠤ᠂ ᠬᠦᠨᠳᠦ ᠰᠢᠭ | ᠪᠤᠯ ᠮᠡᠳᠡᠷᠡᠯ ᠤᠨ ᠰᠢᠰᠲ᠋ᠧᠮ᠂ ᠠᠮᠢᠰᠬᠤᠯ ᠤᠨ ᠰᠢᠰᠲ᠋ᠧᠮ᠂ ᠰᠢᠬᠡᠰᠤ ᠰᠢᠬᠦᠷᠡᠬᠦᠯᠬᠦ ᠠᠵᠢᠯᠯᠠᠭ᠎ᠠ ᠶᠢ ᠴᠤ ᠨᠦᠯᠦᠬᠡᠯᠡᠵᠦ | ᠴᠢᠨᠠᠬᠰᠢᠯᠠᠪᠠᠯ ᠦᠮᠠᠨᠡᠬᠦᠰᠬᠡᠵᠦ ᠴᠤ ᠮᠡᠳᠡᠬᠦ ᠶᠤᠮ᠃ ᠡᠶᠢᠮᠦ ᠠᠴᠠ ᠵᠢᠮᠢᠰ ᠤᠨ ᠢᠯᠵᠢᠷᠡᠭᠰᠡᠨ ᠬᠡᠰᠡᠭ ᠨᠢ ᠵᠢᠭᠠᠬᠠᠨ | ᠪᠠᠶᠢᠬᠰᠠᠨ ᠴᠤ ᠪᠢᠳᠡᠬᠡᠢ ᠢᠳᠡᠬᠡᠷᠡᠢ᠃ |