ᠠᠭᠤᠷᠯᠠᠵᠦ ᠪᠠᠶᠢᠭ᠎ᠠ ᠦᠶᠡᠰ ᠡᠨᠡᠬᠦ 6 ᠶᠠᠪᠤᠳᠠᠯ ᠢ ᠪᠢᠲᠡᠭᠡᠢ ᠬᠢᠭᠡᠷᠡᠢ︕
ᠨᠡᠶᠢᠲᠡᠯᠡᠭᠰᠡᠨ ᠴᠠᠭ᠄
2018/4/19
ᠤᠨᠳᠠᠬᠤ᠄      ᠠᠭᠤᠷᠯᠠᠬᠰᠠᠨ ᠤ ᠲᠠᠷᠠᠭ᠎ᠠ ᠤᠨᠳᠠᠬᠤ ᠨᠢ ᠵᠢᠷᠦᠭᠡᠨ ᠴᠤᠬᠢᠯᠲᠠ ᠶᠢ ᠲᠦᠷᠭᠡᠰᠭᠡᠵᠦ᠂ ᠠᠮᠢᠰᠬᠤᠯ ᠢ ᠲᠦᠷᠭᠡᠰᠭᠡᠵᠦ᠂ ᠨᠦᠢᠷ ᠠᠯᠳᠠᠭᠤᠯᠬᠤ ᠪᠤᠶᠤ ᠨᠦᠢᠷ ᠤᠨ ᠴᠢᠨᠠᠷ ᠢ ᠬᠦᠨᠲᠦ ᠨᠤᠴᠢᠲᠠᠢ ᠨᠦᠯᠦᠭᠡᠯᠡᠵᠦ ᠮᠡᠳᠡᠨ᠎ᠡ ᠰᠢᠦ︕        ᠠᠭᠤᠷ ᠢᠶᠠᠨ ᠪᠤᠰᠤᠳ ᠲᠤ ᠭᠠᠷᠭᠠᠬᠤ᠄      ᠠᠭᠤᠷᠯᠠᠵᠦ ᠪᠠᠶᠢᠭ᠎ᠠ ᠦᠶᠡᠰ ᠠᠩᠬᠠᠷᠤᠯ ᠢᠶᠠᠨ ᠰᠢᠯᠵᠢᠭᠦᠯᠬᠦ ᠨᠢ ᠵᠦᠢᠲᠡᠢ ᠪᠠᠶᠢᠳᠠᠭ ᠴᠤ ᠡᠨᠡᠬᠦ ᠤᠨᠤᠭ᠎ᠠ ᠪᠠᠨ ᠪᠤᠰᠤᠳ ᠲᠤ ᠤᠨᠴᠠᠭᠠᠢᠢᠯᠠᠨ ᠪᠠᠭᠤᠷᠠᠶᠢᠴᠤᠤᠯ ᠳᠤ ᠴᠢᠭᠯᠡᠭᠦᠯᠬᠦ ᠡᠴᠠ‌ᠵᠠᠶᠢᠯᠠᠰᠬᠢᠬᠤ ᠬᠡᠷᠡᠭᠲᠡᠢ᠃ ᠠᠭᠤᠷ ᠵᠶ᠋ᠠᠨ‌ᠭᠠᠷᠭᠠᠵᠦ ᠲᠡᠶᠢᠯᠬᠦ ᠦᠭᠡᠢ ᠦᠶᠡᠰ᠂ ᠭᠠᠳᠠᠨ᠎ᠠ ᠭᠠᠷᠴᠦ ᠲᠠᠮᠢᠷ ‍ᠤᠨ‌‍ᠬᠦ᠋ᠳᠡᠯᠭᠡᠭᠡᠨ‌‍ᠬᠢᠬᠦ ᠪᠤᠶᠤ ᠡᠯᠡᠰᠦᠲᠡᠢ ᠤᠭᠤᠲᠠ ᠨᠢᠳᠤᠷᠭᠠᠳᠠᠬᠤ ᠵᠡᠷᠭᠡ‌ᠠᠷᠭ᠎ᠠ ᠪᠠᠷ ᠠᠭᠤᠷ ᠎ ᠢᠶᠠᠨ ᠲᠠᠶᠢᠳᠬᠤᠷᠠᠭᠤᠯᠵᠦ ᠪᠤᠯᠤᠨ᠎ᠠ᠃                      ᠬᠡᠲᠦᠷᠡᠲᠡᠯ᠎ᠡ ᠢᠳᠡᠵᠦ ᠤᠤᠭᠤᠬᠤ᠄       ᠵᠠᠷᠢᠮ ᠬᠦᠮᠦᠨ ᠠᠭᠤᠷᠯᠠᠵᠦ ᠪᠠᠶᠢᠭ᠎ᠠ ᠦᠶᠡᠰ ᠲᠤᠰᠤ᠂ ᠤᠭᠤᠷᠠᠭ᠂ ᠰᠢᠬᠢᠷ ᠡᠯᠪᠡᠭ ᠠᠭᠤᠯᠤᠭᠳᠠᠬᠤ ᠢᠳᠡᠭᠡᠨ ᠢᠳᠡᠳᠡᠭ᠃ ᠲᠡᠭᠡᠪᠡᠯ ᠰᠢᠩᠭᠡᠭᠡᠯᠲᠡ ᠶᠢᠨ ᠰᠢᠰᠲ᠋ᠧᠮ ᠡᠨᠡᠬᠦ ᠬᠡᠨᠡᠳᠲᠡ ᠶᠢᠨ ︽ᠲᠠᠩᠰᠤᠭ ᠬᠤᠭᠤᠯᠠ︾᠎ ᠶᠢ ᠰᠢᠩᠭᠡᠭᠡᠵᠦ ᠲᠡᠶᠢᠯᠬᠦ ᠦᠭᠡᠢ ᠪᠤᠯᠳᠠᠭ ᠠᠴᠠ ᠰᠠᠭᠤᠯᠭᠠᠬᠤ ᠪᠤᠶᠤ ᠬᠤᠷᠭᠤᠰᠤᠯᠠᠵᠦ ᠮᠡᠳᠡᠨ᠎ᠡ᠃ ᠬᠡᠳᠦᠷᠡᠲᠡᠯ᠎ᠡ ᠢᠳᠡᠬᠦ ᠨᠢ ᠰᠢᠮ᠎ᠡ ᠲᠡᠵᠢᠭᠡᠯ ᠤᠨ ᠦᠯᠡᠳᠡᠭᠳᠡᠯ ᠢ ᠪᠤᠢ ᠪᠤᠯᠭᠠᠵᠦ᠂ ᠮᠠᠷᠢᠶᠠᠯᠠᠭᠤᠯᠵᠦ ᠴᠤ ᠮᠡᠳᠡᠨ᠎ᠡ᠃       ᠦᠷᠭᠦᠯᠵᠢᠯᠡᠨ ᠬᠡᠷᠡᠯᠳᠦᠬᠦ᠄       ᠨᠢᠦᠢ ᠶᠤᠷᠺ ᠤᠨ ᠰᠡᠳᠬᠢᠴᠡ ᠶᠢᠨ ᠤᠬᠠᠭᠠᠨ ᠤ ᠫᠷᠤᠹᠧᠰᠰᠤᠷ ᠠᠶᠢᠯᠦᠨ᠄ ︽ᠠᠭᠤᠷᠯᠠᠵᠤ ᠪᠠᠶᠢᠭ᠎ᠠ ᠦᠶᠡᠰ ᠪᠤᠰᠤᠳ ᠢ ᠭᠤᠮᠤᠳᠠᠭᠠᠬᠤ ᠦᠭᠡ ᠶᠢ ᠠᠮᠠᠨ ᠤ ᠠᠶ᠎ᠠ ᠪᠠᠷ ᠬᠡᠯᠡᠵᠦ ᠭᠠᠷᠭᠠᠳᠠᠭ᠃ ᠦᠨᠡᠨᠳᠡᠭᠡᠨ ᠡᠨᠡᠬᠦ ᠦᠶᠡᠰ ᠬᠡᠷᠡᠯᠳᠦᠬᠦ ᠨᠢ ᠠᠰᠠᠭᠤᠳᠠᠯ ᠤᠨ ᠲᠤᠰ ᠪᠡᠶ᠎ᠡ ᠠᠴᠠ ᠰᠠᠯᠤᠩᠬᠢᠷᠡᠨ᠂ ᠤᠳᠬ᠎ᠠ ᠠᠭᠤᠯᠭ᠎ᠠ ᠪᠠᠨ ᠠᠯᠳᠠᠵᠦ᠂ ᠡᠰᠡᠷᠭᠦ ᠡᠳᠡᠭᠡᠳ ᠢᠶᠠᠨ ᠵᠢᠮᠡᠯᠡᠨ ᠲᠤᠩᠭᠤᠳᠬᠤ ᠶᠠᠪᠤᠳᠠᠯ ᠪᠤᠯᠵᠦ ᠤᠯᠠᠷᠢᠳᠠᠭ︾ ᠭᠡᠵᠦ ᠵᠢᠭᠠᠵᠦ ᠭᠠᠷᠭᠠᠭᠰᠠᠨ ᠪᠠᠶᠢᠨ᠎ᠠ᠃        ᠠᠷᠢᠬᠢ ᠤᠤᠭᠤᠬᠤ᠄       ᠠᠷᠢᠬᠢ ᠬᠦᠮᠦᠨ ᠢ ᠮᠢᠨᠴᠦᠬᠦᠷᠡᠭᠦᠯᠵᠦ ᠮᠡᠳᠡᠨ᠎ᠡ᠂ ᠨᠡᠩ ᠴᠤ ᠠᠭᠤᠷ ᠤᠴᠠᠭᠠᠷ ᠤᠨ ᠭᠠᠯ ᠢ ᠤᠯᠠᠮ ᠲᠦᠷᠡᠯᠵᠡᠭᠦᠯᠵᠦ ᠮᠡᠳᠡᠨ᠎ᠡ ᠰᠢᠦ᠃ ᠰᠫᠢᠷᠲ ᠨᠢ ᠶᠡᠭᠡ ᠲᠠᠷᠢᠬᠢᠨ ᠤ ᠮᠠᠩᠨᠠᠢ ᠶᠢᠨ ᠬᠡᠯᠳᠡᠰ ᠤᠨ ᠴᠢᠳᠠᠪᠬᠢ ᠶᠢ ᠨᠦᠯᠦᠭᠡᠯᠡᠵᠦ᠂ ᠮᠠᠩᠨᠠᠢ ᠶᠢᠨ ᠬᠡᠯᠲᠡᠰ ᠨᠢ ᠪᠢᠳᠡᠨ ᠢ ᠪᠤᠰᠤᠳ ᠢ ᠪᠤᠶᠤ ᠦᠪᠡᠷ ᠢ ᠪᠠᠨ ᠰᠢᠷᠬᠠᠳᠤᠭᠤᠯᠬᠤ ᠠᠴᠠ ᠬᠠᠮᠠᠭᠠᠯᠠᠬᠤ ᠴᠢᠳᠠᠮᠵᠢ ᠲᠠᠢ ᠪᠠᠶᠢᠳᠠᠭ᠃ ᠰᠫᠢᠷᠲ ᠨᠢ ᠬᠦᠮᠦᠰ ᠤᠨ ᠤᠬᠠᠭᠠᠨ ᠢ ᠪᠠᠯᠠᠷᠠᠭᠤᠯᠵᠦ᠂ ᠰᠡᠳᠬᠢᠯ ᠤᠨ ᠲᠤᠯᠬᠢᠰᠦᠯ ᠢ ᠨᠡᠩ ᠠᠮᠠᠷᠬᠠᠨ ᠡᠭᠦᠰᠭᠡᠵᠦ᠂ ᠲᠡᠷᠡᠴᠢᠯᠡᠨ ᠨᠦᠬᠦᠪᠦᠷᠢᠯᠡᠵᠦ ᠪᠤᠯᠤᠰᠢ ᠦᠭᠡᠢ ᠲᠤᠮᠤ ᠠᠯᠳᠠᠭ᠎ᠠ ᠭᠠᠷᠭᠠᠵᠦ ᠴᠤ ᠮᠡᠳᠡᠨ᠎ᠡ᠃ ᠡᠶᠢᠮᠦ ᠠᠴᠠ ᠠᠭᠤᠷᠯᠠᠵᠦ ᠪᠠᠶᠢᠬᠤ ᠦᠶᠡᠰ ᠠᠷᠢᠬᠢᠨ ᠠᠴᠠ ᠵᠠᠶᠢᠳᠠᠭᠤ ᠪᠠᠶᠢᠭᠠᠷᠠᠢ︕       ᠴᠢᠬᠤᠯᠠ ᠰᠢᠢᠳᠪᠦᠷᠢ ᠭᠠᠷᠭᠠᠬᠤ᠄       ᠠᠭᠤᠷᠯᠠᠵᠦ ᠪᠠᠶᠢᠭ᠎ᠠ ᠦᠶᠡᠰ᠂ ᠤᠬᠠᠭᠠᠨ ᠰᠠᠨᠠᠭ᠎ᠠ ᠤᠷᠮ᠎ᠠ ᠰᠡᠳᠬᠢᠯᠭᠡ ᠳᠤ ᠵᠠᠬᠢᠷᠤᠭᠳᠠᠵᠦ᠂ ᠵᠦᠪ ᠤᠨᠤᠪᠴᠢᠲᠠᠢ ᠰᠢᠢᠳᠪᠦᠷᠢ ᠭᠠᠷᠭᠠᠬᠤ ᠳᠤ ᠬᠦᠴᠢᠷ ᠪᠠᠶᠢᠳᠠᠭ᠃ ᠬᠡᠷᠪᠡ ᠠᠮᠢᠳᠤᠷᠠᠯ ᠤᠨ ᠲᠤᠮᠤ ᠴᠢᠬᠤᠯᠠ ᠰᠢᠢᠳᠪᠦᠷᠢ ᠪᠤᠶᠤ ᠪᠤᠰᠤᠳ ᠢ ᠰᠢᠷᠬᠠᠳᠤᠭᠤᠯᠵᠦ ᠮᠡᠳᠡᠬᠦ ᠰᠢᠢᠳᠪᠦᠷᠢ ᠭᠠᠷᠭᠠᠬᠤ ᠴᠢᠬᠤᠯᠠᠳᠠᠢ ᠪᠤᠯ᠂ ᠠᠭᠤᠷ ᠲᠠᠶᠢᠳᠬᠤᠷᠠᠭᠰᠠᠨ ᠤ  ᠲᠠᠷᠠᠭ᠎ᠠ ᠬᠢᠨᠠᠮᠠᠭᠠᠢ ᠪᠤᠳᠤᠯᠬᠢᠯᠠᠬᠰᠠᠨ ᠤ ᠲᠠᠷᠠᠭ᠎ᠠ ᠰᠠᠶ᠋ᠢ ᠰᠢᠢᠳᠪᠡᠯ ᠵᠤᠬᠢᠨ᠎ᠠ᠃  
 
ᠢᠷᠡᠯᠲᠡ᠄ ᠪᠤᠭᠤᠲᠦ ᠬᠤᠲᠠ ᠶᠢᠨ ᠠᠷᠠᠳ ᠤᠨ ᠵᠠᠰᠠᠭ ᠤᠨ ᠤᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号