ᠮᠤᠩᠭᠤᠯ ᠡᠮᠡᠭᠡᠯ ᠤᠨ ᠳᠤᠬᠠᠢ ᠲᠦᠭᠦᠮ ᠤᠴᠢᠷᠯᠠᠬᠤᠢ
ᠨᠡᠶᠢᠲᠡᠯᠡᠭᠰᠡᠨ ᠴᠠᠭ᠄
2018/4/19
     ᠨᠢᠭᠡ᠂ ᠮᠤᠩᠭᠤᠯ ᠡᠮᠡᠭᠡᠯ ᠤᠨ ᠡᠭᠦᠰᠦᠯ ᠭᠦᠭᠵᠢᠯ            ᠮᠤᠩᠭᠤᠯ ᠦᠨᠳᠦᠰᠦᠳᠡᠨ ᠢ ︽ᠮᠤᠷᠢᠳᠡᠨ ᠦᠨᠳᠦᠰᠦᠳᠡᠨ︾᠂ ︽ᠮᠤᠷᠢᠨ ᠨᠢᠷᠤᠭᠤᠨ ᠳᠡᠭᠡᠷᠡᠭᠢ  ᠦᠨᠳᠦᠰᠦᠳᠡᠨ︾ ᠭᠡᠵᠦ ᠡᠷᠳᠡᠨ ᠠᠴᠠ ᠪᠠᠨ ᠳᠠᠭᠤᠳᠠᠵᠦ᠂ ᠳᠠᠭᠤᠯᠠᠵᠦ᠂ ᠨᠡᠷᠡᠯᠡᠭᠰᠡᠭᠡᠷ ᠢᠷᠡᠭᠰᠡᠡ ᠨᠢ ᠦᠨᠡᠨ᠃ ᠤᠴᠢᠷ ᠨᠢ ᠮᠤᠩᠭᠤᠯ ᠤᠨ ᠦᠨᠳᠦᠷᠯᠢᠭ ᠲᠠᠬᠢ ᠨᠡᠭᠦᠳᠡᠯᠴᠢᠨ ᠮᠤᠩᠭᠤᠯᠴᠤᠳ ᠳᠡᠯᠡᠭᠡᠢ ᠶᠢᠨ ᠭᠡᠰᠡᠭ ᠭᠠᠵᠠᠷ ᠤᠷᠤᠨ ᠠᠴᠠ ᠬᠠᠷᠢᠴᠠᠩᠭᠤᠢ ᠪᠠᠷ ᠡᠷᠳᠡ ᠵᠡᠷᠯᠢᠭ ᠠᠳᠤᠭᠤ ︵ᠬᠤᠯᠠᠨ︶᠎ ᠶᠢ ᠭᠠᠷᠰᠢᠭᠤᠯᠤᠨ ᠦᠢᠯᠡᠳᠪᠦᠷᠢᠯᠡᠯ ᠠᠮᠢᠳᠤᠷᠠᠯ ᠪᠠ ᠳᠠᠶᠢᠨ ᠪᠠᠶᠢᠯᠳᠤᠭᠠᠨ ᠳᠤ ᠠᠰᠢᠬᠯᠠᠬᠰᠠᠠ ᠢ ᠡᠷᠳᠡᠮᠳᠡᠳ ᠨᠢᠭᠡᠨᠳᠡ ᠨᠤᠳᠠᠯᠠᠭᠰᠠᠠ ᠪᠦᠭᠡᠳ 13 ᠳ᠋ᠤᠭᠠᠷ ᠵᠠᠭᠤᠨ ᠳᠤ ᠴᠢᠩᠭᠢᠰ ᠮᠤᠩᠭᠤᠯ ᠮᠤᠷᠢᠨ ᠤ ᠠᠯᠮᠠᠰ ᠳᠤᠭᠤᠷᠠᠢ ᠪᠠᠷ ᠠᠽᠢᠶ᠎ᠡ ᠡᠸᠦ᠋ᠷᠦᠫᠠ ᠶᠢᠨ ᠤᠯᠤᠰ ᠭᠦᠷᠦᠨ ᠢ ᠨᠢᠭᠡᠨ ᠵᠢᠯᠤᠭᠤᠨ ᠳᠤ ᠬᠤᠷᠢᠶᠠᠵᠦ᠂ ᠮᠤᠩᠭᠤᠯ ᠳᠤᠭᠤᠷᠭᠠᠳᠠᠨ ᠤ ᠨᠢᠭᠡᠳᠦᠭᠰᠡᠡ ᠶᠡᠭᠡ ᠳᠤᠯᠭᠤᠷ ᠳᠦᠷᠦ ᠶᠢ ᠪᠠᠶᠢᠭᠤᠯᠤᠬᠰᠠᠠ ᠨᠢ ᠨᠢᠭᠡᠨᠳᠡ ᠳᠡᠯᠡᠭᠡᠢ ᠶᠢᠨ ᠳᠡᠤᠭᠡ ᠶᠢᠨ ᠨᠢᠭᠡᠨ ᠭᠠᠶᠢᠬᠠᠮᠰᠢᠭ ᠪᠤᠯᠤᠬᠰᠠᠠ ᠶᠤᠮ᠃ ᠳᠡᠭᠡᠪᠡᠯ ᠮᠤᠩᠭᠤᠯᠴᠤᠳ ᠡᠨᠡᠭᠦ ᠨᠢᠭᠡᠨ ᠦᠨᠳᠦᠰᠦᠳᠡᠨ ᠢ ᠭᠦᠴᠦᠷᠭᠡᠭᠵᠢᠭᠦᠯᠦᠨ ᠪᠤᠶᠢᠵᠢᠭᠤᠯᠤᠭᠰᠠᠠ ᠰᠢᠳᠢᠳᠦ ᠦᠯᠦᠭᠡᠢ ᠪᠤᠯᠬᠤ ︽ᠡᠮᠡᠭᠡᠯ︾ ᠭᠡᠭᠴᠢ ᠶᠢ ᠴᠤᠬᠤᠮ ᠠᠯᠢ ᠴᠠᠭ ᠦᠶ᠎ᠡ ᠠᠴᠠ ᠡᠭᠢᠯᠡᠨ ᠭᠡᠷᠡᠭᠯᠡᠭᠰᠡᠡ ᠪᠡ ᠮᠤᠩᠭᠤᠯᠴᠤᠳ ᠤᠨ ᠮᠤᠷᠢᠨ ᠡᠮᠡᠭᠡᠯ ᠤᠨ ᠤᠷ᠎ᠡ ᠳᠠᠷᠬ᠎ᠠ ᠭᠦᠭᠵᠢᠭᠡᠳ ᠶᠠᠮᠠᠷ ᠭᠡᠮᠵᠢᠶᠡᠨ ᠳᠤ ᠭᠦᠷᠦᠭᠰᠡᠡ ᠳᠤᠬᠠᠢ ᠰᠤᠨᠢᠭᠤᠴᠢᠯᠠᠮᠠᠷ ᠪᠠᠶᠢᠨ᠎ᠠ᠃ ᠵᠡᠷᠢᠮ ᠡᠷᠳᠡᠮᠳᠡᠳ ᠡᠮᠡᠭᠡᠯ ᠢ ︽ᠨᠡᠶᠢᠳᠡ ᠶᠢᠨ ᠤᠨ ᠳᠤᠭᠠᠯᠠᠯ ᠠᠴᠠ ᠡᠮᠤᠨ᠎ᠡ 6000 ᠤᠨ ᠤ ᠦᠶ᠎ᠠ ᠪᠠᠷ ᠡᠷᠳᠡᠨ ᠤ ᠪᠠᠪᠢᠯᠤᠨᠢᠶᠠ᠂ ᠠᠰᠰᠢᠷᠢᠶᠠ ᠶᠢᠨ ᠪᠤᠯᠪᠠᠰᠤᠨ ᠡᠭᠦᠰᠦᠭᠰᠡᠡ ᠳᠢᠭᠷᠢᠰ ᠭᠤᠤᠯ ᠤᠨ ᠤᠷᠤᠰᠬᠠᠯ ᠳᠠᠭᠠᠤ ᠳᠠᠬᠢ ᠠᠰᠰᠢᠷᠢᠶᠠ ᠳᠤ ᠬᠠᠮᠤᠭ ᠠᠩᠬᠠᠨ ᠤ ᠡᠮᠡᠭᠡᠯ ᠭᠡᠷᠡᠭᠯᠡᠭᠳᠡᠵᠦ᠂ ᠤᠨ ᠳᠤᠭᠠᠯᠠᠯ ᠠᠴᠠ ᠡᠮᠤᠨᠡᠭᠢ700 ᠤᠨ ᠤ ᠦᠶ᠎ᠡ ᠪᠤᠯᠵᠦ ᠢᠷᠡᠭᠡᠳ ᠰᠠᠶ᠋ᠢ ᠪᠠᠷᠠᠭᠤᠨ ᠡᠸᠦ᠋ᠷᠦᠫᠠ ᠪᠠᠷ ᠳᠦᠷᠦᠭᠡ ᠭᠡᠷᠡᠭᠯᠡᠭᠳᠡᠵᠤ ᠡᠭᠢᠯᠡᠭᠡᠳ ᠠᠭᠠᠵᠢᠮ ᠢᠶᠠᠷ ᠳᠦᠭᠡᠮᠡᠯᠵᠢᠯᠡᠭᠳᠡᠪᠡ︾ ᠭᠡᠵᠦ ᠦᠵᠡᠵᠦ ᠪᠤᠢ᠃ ᠵᠠ᠂ ᠶᠠᠭᠤ ᠴᠤ ᠪᠤᠯᠳᠤᠭᠠᠢ︕ ᠳᠡᠷᠡ ᠪᠦᠭᠦᠨ ᠨᠢ ᠬᠠᠷᠢ ᠭᠦᠨᠳᠡᠯᠡᠨ ᠤ ᠯᠠ ᠤᠴᠢᠷ ᠶᠤᠮ ᠪᠠᠶᠢᠨ᠎ᠠ᠃ ᠳᠡᠭᠡᠪᠡᠯ ᠮᠠᠨ ᠤ ᠨᠡᠭᠦᠳᠡᠯᠴᠢᠨ ᠮᠤᠩᠭᠤᠯᠴᠤᠳ ᠴᠤᠬᠤᠮ ᠠᠯᠢ ᠴᠠᠭ ᠦᠶ᠎ᠡ ᠠᠴᠠ ᠡᠮᠡᠭᠡᠯ ᠲᠠᠢ ᠪᠤᠯᠤᠭᠰᠠᠠ ᠶᠤᠮ ᠪᠤᠯ︖            ᠪᠢᠳᠡ ᠦᠰᠦᠭ ᠪᠢᠴᠢᠭ ᠤᠨ ᠳᠡᠮᠳᠡᠭᠯᠡᠯ ᠦᠭᠡᠢ ᠵᠠᠭᠤᠨ ᠵᠠᠭᠤᠨ ᠤ ᠳᠡᠤᠭᠡ ᠰᠤᠶᠤᠯ ᠢᠶᠠᠨ ᠡᠪᠦᠭᠡ ᠳᠡᠭᠡᠳᠦᠰ ᠤᠨ ᠦᠯᠡᠳᠡᠭᠡᠭᠰᠡᠡ ᠬᠠᠳᠠᠨ ᠵᠢᠷᠤᠭ ᠪᠡ ᠳᠡᠤᠭᠡ ᠳᠤᠷᠠᠰᠬᠠᠯ ᠤᠨ ᠡᠳ᠋ ᠦᠯᠦᠭ ᠠᠴᠠ ᠨᠠᠷᠢᠰᠬᠠᠨ ᠰᠤᠳᠤᠯᠳᠠᠭ᠃ ᠡᠨᠡᠭᠦ ᠵᠠᠩ ᠵᠢᠷᠤᠮ ᠢᠶᠠᠷ ᠡᠮᠡᠭᠡᠯ ᠭᠡᠵᠢᠶ᠎ᠡ ᠪᠤᠢ ᠪᠤᠯᠤᠬᠰᠠᠠ ᠢ ᠮᠡᠳᠡᠶ᠎ᠡ ᠭᠡᠪᠡᠯ ᠶᠠᠭᠤᠨ ᠤ ᠤᠷᠢᠳ ᠮᠤᠩᠭᠤᠯ ᠤᠷᠤᠨ ᠤ ᠡᠷᠳᠡᠨ ᠤ ᠬᠠᠳᠠᠨ ᠵᠢᠷᠤᠭ ᠠᠴᠠ ᠬᠠᠶᠢᠬᠤ ᠴᠢᠬᠤᠯᠠ ᠲᠠᠢ ᠪᠠᠶᠢᠬᠤ ᠭᠡᠵᠦ ᠪᠤᠳᠤᠭᠠᠳ ᠰᠤᠷᠪᠤᠯᠵᠢᠯᠠᠬᠴᠢ ᠤᠷᠴᠢᠮ ᠳᠤ ᠰᠢᠯᠢ ᠶᠢᠨ ᠭᠤᠤᠯ ᠠᠶᠢᠮᠠᠬ ᠤᠨ ᠰᠦᠨᠢᠳ ᠵᠡᠭᠦᠨ ᠬᠤᠰᠢᠭᠤᠨ ᠤ ᠠᠵᠢᠯ ᠠᠴᠠ ᠪᠠᠨ ᠠᠮᠠᠷᠠᠬᠰᠠᠠ ᠠᠬᠠᠮᠠᠳ ᠺᠡᠳ᠋ᠷ᠂ ᠮᠠᠨ ᠤ ᠤᠷᠤᠨ ᠤ ᠬᠠᠳᠠᠨ ᠵᠢᠷᠤᠭ ᠤᠨ ᠨᠡᠷᠡᠳᠦ ᠰᠤᠳᠤᠯᠭᠠᠳᠠᠨ ᠳ᠋᠊ · ᠴᠠᠭᠠᠨ ᠪᠠᠭᠰᠢ ᠶᠢ ᠰᠤᠷᠪᠤᠯᠵᠢᠯᠠᠵᠦ ᠪᠢᠯᠡ᠃ ᠳ᠋᠊ · ᠴᠠᠭᠠᠨ᠄ ︽ᠬᠠᠳᠠᠨ ᠵᠢᠷᠤᠭ ᠠᠴᠠ ᠨᠢᠬᠳᠠᠯᠠᠪᠠᠯ ᠮᠤᠷᠢᠨ ᠤ ᠳᠤᠬᠤᠰᠢ᠂ ᠳᠦᠷᠦᠭᠡ᠂ ᠡᠮᠡᠭᠡᠯ ᠨᠢ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ ᠭᠦᠷᠡᠯ ᠵᠠᠪᠰᠡᠭ ᠤᠨ ᠦᠶ᠎ᠡ ᠭᠦᠷᠳᠡᠯᠡᠭᠢ ᠬᠤᠭᠤᠴᠠᠭᠠᠨ ᠳᠤ ᠠᠭᠠᠵᠢᠮ ᠢᠶᠠᠷ ᠪᠦᠷᠢᠯᠳᠦᠵᠦ ᠬᠤᠵᠢᠮ ᠨᠢ ᠤᠳᠤ ᠶᠢᠨ ᠡᠮᠡᠭᠡᠯ ᠰᠢᠭ ᠳᠦᠯᠦᠪᠰᠢᠷᠡᠭᠰᠡᠡ ᠪᠠᠶᠢᠳᠠᠯ ᠲᠠᠢ᠃ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠬᠠᠳᠠᠨ ᠵᠢᠷᠤᠭ ᠲᠠᠬᠢ ᠮᠤᠷᠢ ᠤᠨᠤᠬᠰᠠᠠ ᠭᠦᠮᠦᠨ ᠤ ᠭᠦᠯ ᠨᠢ ᠮᠤᠷᠢᠨ ᠤ ᠭᠡᠳᠡᠰᠤᠨ ᠠᠴᠠ ᠳᠤᠷᠤᠬᠰᠢ ᠤᠨᠵᠢᠭᠢᠨᠡᠬᠰᠡᠡ ᠬᠠᠷᠠᠬᠳᠠᠨ᠎ᠠ᠃ ᠳᠡᠭᠦᠨ ᠠᠴᠠ ᠬᠤᠵᠢᠭᠤ ᠦᠶ᠎ᠡ ᠶᠢᠨ ᠬᠠᠳᠠᠨ ᠵᠢᠷᠤᠬ ᠲᠠᠬᠢ ᠮᠤᠷᠢ ᠤᠨᠤᠬᠰᠠᠠ ᠭᠦᠮᠦᠨ ᠤ ᠭᠦᠯ ᠨᠢ ᠦᠵᠡᠭᠳᠡᠭᠦ ᠪᠠᠨ ᠪᠤᠯᠢᠪᠡ᠃ ᠡᠭᠦᠨ ᠠᠴᠠ ᠦᠵᠡᠭᠦ ᠳᠤ ᠳᠦᠷᠦᠭᠦᠨ ᠤ ᠭᠢᠨᠢ ᠵᠠᠶᠢᠳᠠᠩ ᠤᠨᠤᠬᠰᠠᠠ ᠭᠦᠮᠦᠨ᠂ ᠰᠡᠭᠦᠯ ᠤᠨ ᠭᠢᠨᠢ ᠳᠦᠷᠦᠭᠡ ᠲᠠᠢ ᠳᠤᠬᠤᠰᠢ ᠪᠤᠶᠤ ᠡᠮᠡᠭᠡᠯ ᠲᠠᠢ ᠤᠨᠤᠬᠰᠠᠠ ᠭᠦᠮᠦᠨ ᠭᠡᠵᠦ ᠤᠢᠢᠯᠠᠭᠠᠨ᠎ᠠ᠃ ᠬᠠᠳᠠᠨ ᠵᠢᠷᠤᠭ ᠪᠠ ᠬᠠᠭᠤᠴᠢ ᠰᠤᠳᠤᠯᠭᠠᠨ ᠠᠴᠠ ᠦᠵᠡᠭᠦ ᠳᠤ ᠮᠤᠩᠭᠤᠯᠴᠤᠳ ᠮᠤᠷᠢ ᠶᠢ ᠭᠠᠷᠰᠢᠭᠤᠯᠤᠭᠰᠠᠠ ᠤ ᠳᠠᠷᠠᠭ᠎ᠠ ᠳᠡᠮᠡᠢ ᠤᠳᠠᠬᠰᠠᠠ ᠦᠭᠡᠢ ᠮᠤᠷᠢᠨ ᠨᠢᠷᠤᠭᠤᠨ ᠳᠤ ᠠᠮᠢᠳᠠᠨ ᠤ ᠠᠷᠠᠰᠤ ᠪᠤᠶᠤ ᠦᠰᠦ ᠨᠤᠤᠰᠤᠨ ᠳᠤᠬᠤᠮ ᠳᠤᠬᠤᠰᠢ ᠳᠤᠬᠤᠵᠦ᠂ ᠳᠠᠷᠠᠭ᠎ᠠ ᠨᠢ ᠳᠡᠭᠡᠰᠤ᠂ ᠮᠤᠳᠤ ᠪᠤᠶᠤ ᠶᠠᠰᠤ ᠵᠡᠷᠭᠡ ᠬᠠᠳᠠᠭᠤ ᠪᠦᠭᠡᠯᠢᠭ ᠶᠠᠭᠤᠮ᠎ᠠ ᠪᠠᠷ ᠳᠦᠷᠦᠭᠡ ᠵᠤᠭᠢᠶᠠᠵᠠᠢ᠃ ᠭᠦᠷᠡᠯ ᠵᠠᠪᠰᠡᠭ ᠤᠨ ᠦᠶ᠎ᠡ ᠭᠦᠷᠴᠤ ᠢᠷᠡᠭᠡᠳ ᠳᠡᠮᠤᠷ ︵ᠭᠦᠷᠡᠯ︶ ᠳᠦᠷᠦᠭᠡ ᠲᠠᠢ ᠮᠤᠳᠤᠨ ᠡᠮᠡᠭᠡᠯ ᠳᠤᠬᠤᠬᠤ ᠪᠤᠯᠤᠬᠰᠠᠠ ᠨᠢ ᠳᠤᠳᠤᠷᠬᠠᠢ ᠪᠠᠶᠢᠨ᠎ᠠ︕︾ ᠭᠡᠵᠦ ᠶᠡᠷᠢᠯ᠎ᠡ᠃          ᠳᠡᠶᠢᠮᠤ ᠡ᠂ ᠭᠡᠷᠡᠭ ᠪᠤᠳᠠᠰ ᠤᠨ ᠭᠦᠭᠵᠢᠯ ᠤᠨ ᠵᠢᠮ᠎ᠡ ᠬᠠᠤᠯᠢ ᠶᠢᠨ ᠳᠠᠭᠠᠤ ᠮᠠᠭᠠᠳᠯᠠᠯᠳᠠ ᠭᠢᠭᠰᠡᠡ ᠴᠤ ᠮᠠᠨ ᠤ ᠤᠳᠤ ᠶᠢᠨ ᠭᠠᠩᠭᠠᠩ ᠡᠮᠡᠭᠡᠯ ᠨᠢ ᠠᠩᠬ᠎ᠠ ᠳᠦᠭᠦᠮ ᠳᠤᠬᠤᠮ ᠳᠤᠬᠤᠰᠢ ᠶᠢᠨ ᠤᠷᠤᠨᠴᠠᠬ ᠠᠴᠠ ᠡᠭᠢᠯᠡᠭᠰᠡᠡ ᠨᠢ ᠯᠠᠪᠳᠠᠢ᠃ ᠳᠡᠭᠡᠭᠡᠳ ᠮᠤᠷᠳᠡᠵᠦ ᠪᠠᠭᠤᠬᠤ ᠳᠤ ᠳᠦᠭᠦᠮ ᠪᠦᠭᠡᠳ ᠮᠤᠷᠢᠨ ᠨᠢᠷᠤᠭᠤᠨ ᠳᠡᠭᠡᠷ᠎ᠡ ᠪᠠᠶ᠎ᠠ ᠰᠡᠳᠭᠢᠯ ᠯᠠᠪᠳᠠᠭᠤᠨ ᠳᠤᠭᠳᠠᠭᠤᠨ ᠪᠠᠶᠢᠵᠦ᠂ ᠡᠷᠭᠢᠵᠦ ᠤᠷᠪᠠᠵᠦ ᠬᠠᠷᠠᠬᠤ ᠪᠤᠶᠤ ᠪᠦᠭᠦ᠋ᠢᠵᠦ ᠭᠡᠳᠡᠶᠢᠵᠦ ᠪᠤᠯᠬᠤ ᠪᠤᠯᠤᠮᠵᠢᠳᠠᠢ᠂ ᠭᠠᠷ ᠰᠤᠯᠠ ᠴᠢᠯᠦᠭᠡᠳᠠᠢ ᠠᠵᠢᠯᠯᠠᠬᠤ ᠱᠠᠭᠠᠷᠳᠠᠯᠭ᠎ᠠ ᠠᠴᠠ ᠳᠤᠬᠤᠮ ᠳᠤᠬᠤᠰᠢ ᠶᠢᠨ ᠳᠡᠭᠡᠷ᠎ᠡ ᠳᠦᠷᠦᠭᠡ ᠵᠤᠭᠢᠶᠠᠬᠳᠠᠬᠰᠠᠠ ᠯᠡ ᠪᠠᠶᠢᠬ᠎ᠠ᠃ ᠳᠠᠷᠠᠭ᠎ᠠ ᠨᠢ ᠮᠤᠷᠢᠨ ᠳᠤ ᠮᠤᠷᠳᠠᠬᠤ ᠪᠤᠶᠤ ᠮᠤᠷᠢᠨ ᠠᠴᠠ ᠪᠠᠭᠤᠬᠤ ᠳᠤ ᠪᠠᠷᠢᠳᠠᠯ ᠲᠠᠢ ᠪᠦᠭᠡᠳ ᠮᠤᠷᠢᠨ ᠨᠢᠷᠤᠭᠤᠨ ᠳᠡᠭᠡᠷ᠎ᠡ ᠤᠳᠠᠭᠠᠨ ᠰᠠᠭᠤᠵᠦ᠂ ᠠᠯᠤᠰ ᠬᠤᠯᠠ ᠠᠶᠠᠯᠠᠬᠤ ᠳᠤ ᠳᠦᠰᠢᠭ ᠲᠠᠢ ᠮᠦᠷᠳᠡᠭᠡᠨ ᠳᠠᠪᠠᠯᠠᠭᠤᠬᠠᠨ ᠪᠠᠶᠢᠬᠤ ᠭᠡᠷᠡᠭᠴᠡᠭᠡ ᠱᠠᠭᠠᠷᠳᠠᠯᠭ᠎ᠠ ᠠᠴᠠ ᠡᠭᠦᠰᠴᠤ ᠪᠦᠭᠦᠷᠭᠡ ᠲᠠᠢ ᠡᠮᠡᠭᠡᠯ ᠪᠤᠢ ᠪᠤᠯᠤᠬᠰᠠᠠ ᠨᠢ ᠵᠠᠶᠢᠯᠠᠰᠢ ᠦᠭᠡᠢ᠃ ᠡᠭᠦᠨ ᠳᠤ ᠳᠦᠷᠦᠭᠡ ᠨᠢ ᠪᠦᠳᠦᠭᠦᠯᠢᠭ ᠡᠪᠡᠰᠤᠨ ᠳᠡᠭᠡᠰᠤ  ᠪᠠᠶᠢᠬᠰᠠᠠ ᠠᠴᠠ ᠪᠠᠨ ᠮᠤᠳᠤ᠂ ᠶᠠᠰᠤ ᠪᠠᠷ ᠤᠷᠤᠯᠠᠬᠳᠠᠵᠦ᠂ ᠳᠠᠷᠠᠭ᠎ᠠ ᠨᠢ ᠳᠠᠮᠤᠷ᠂ ᠭᠦᠷᠡᠯ᠂ ᠭᠠᠤᠯᠢ᠂ ᠪᠦᠷ ᠰᠡᠭᠦᠯ ᠳᠡᠭᠡᠨ ᠠᠯᠳᠠ ᠮᠦᠩᠭᠦᠨ ᠳᠦᠷᠦᠭᠡ ᠲᠠᠢ ᠪᠤᠯᠵᠦ᠂ ᠬᠠᠨᠭ᠍ᠭᠠᠢ ᠮᠤᠳᠤᠨ ᠡᠮᠡᠭᠡᠯ ᠨᠢ ᠨᠡᠩ ᠭᠤᠶᠤ ᠳᠠᠪᠢᠰ ᠪᠡ ᠭᠦᠯᠢᠮ ᠵᠡᠷᠭᠡ ᠳᠤᠨᠤᠬᠯᠠᠯ ᠲᠠᠢ ᠪᠤᠯᠤᠬᠰᠠᠠ ᠪᠤᠶᠤ ᠡᠮᠡᠭᠡᠯ ᠤᠨ ᠮᠤᠳᠤ ᠨᠢ ᠦᠪᠴᠢ ᠠᠯᠳᠠ ᠪᠠᠷ ᠭᠠᠳᠠᠷᠯᠠᠬᠳᠠᠭᠰᠠᠠ ᠭᠡᠮᠵᠢᠶᠡᠨ ᠳᠤ ᠭᠦᠷᠳᠡᠯ᠎ᠡ ᠭᠦᠭᠵᠢᠭᠰᠡᠡ ᠪᠠᠶᠢᠨ᠎ᠠ᠃ ᠮᠤᠩᠭᠤᠯᠴᠤᠳ ᠤᠨ ᠮᠤᠷᠢᠨ ᠡᠮᠡᠭᠡᠯ ᠨᠢ ᠭᠦᠩᠭᠡᠨ ᠳᠦᠭᠦᠮ ᠭᠡᠯᠪᠡᠷᠢ ᠶᠢᠨ ᠪᠠᠶᠢᠬᠰᠠᠠ ᠠᠴᠠ ᠪᠠᠨ ᠳᠡᠭᠢᠨ ᠳᠦᠪᠡᠭ ᠪᠤᠳᠤᠯᠢᠶᠡᠨᠳᠡᠢ ᠵᠦᠭ ᠭᠦᠭᠵᠢᠭᠦ ᠳᠡᠭᠡᠨ ᠵᠦᠪᠭᠡᠨ ᠭᠡᠷᠡᠭᠯᠡᠭᠡᠨ ᠤ ᠱᠠᠭᠠᠷᠳᠠᠯᠭ᠎ᠠ ᠳᠡᠳᠦᠢ ᠪᠢᠰᠢ ᠪᠤᠯᠵᠦ᠂ ᠬᠠᠷᠢᠨ ᠤᠶᠤᠨ ᠤ ᠠᠮᠢᠳᠤᠷᠠᠯ ᠤᠨ ᠦᠨ᠎ᠡ ᠦᠷᠳᠡᠭ ᠨᠢ ᠤᠯᠠᠮ ᠢᠶᠠᠷ ᠨᠡᠮᠡᠭᠳᠡᠨ᠂ ᠡᠵᠡᠨ ᠤ ᠵᠠᠰᠠᠯ ᠴᠢᠮᠡᠭᠯᠡᠯ᠂ ᠡᠷᠦᠭᠡ ᠭᠡᠷ ᠤᠨ ᠦᠨᠡᠳᠦ ᠭᠦᠷᠦᠩᠭᠡ ᠪᠡ ᠡᠷᠭᠢᠮ ᠵᠡᠷᠭᠡ᠂ ᠠᠩᠭᠢ ᠳᠠᠪᠬᠤᠷᠭ᠎ᠠ᠂ ᠪᠠᠶᠠᠨ ᠶᠠᠳᠠᠭᠤ ᠶᠢᠨ ᠢᠯᠭᠠᠭ᠎ᠠ ᠶᠢ ᠬᠠᠷᠠᠭᠤᠯᠳᠠᠭ ᠵᠦᠢᠯ ᠪᠤᠯᠵᠦ ᠪᠢᠯᠡ᠃ ᠶᠡᠷᠤᠨᠢ ᠮᠤᠩᠭᠤᠯ ᠡᠮᠡᠭᠡᠯ ᠪᠤᠯ ᠤᠷᠤᠨ ᠨᠤᠳᠤᠭ ᠤᠨ ᠡᠳ᠋ ᠪᠠᠶᠠᠯᠢᠭ ᠪᠡ ᠡᠳ᠋ ᠡᠷᠳᠡᠨᠢᠰ ᠢᠶᠠᠷ ᠡᠭᠡ ᠮᠠᠲ᠋ᠧᠷᠢᠶᠠᠯ ᠪᠤᠯᠭᠠᠵᠦ᠂ ᠵᠠᠰᠠᠵᠦ ᠴᠢᠮᠡᠭᠯᠡᠵᠦ᠂ ᠤᠷ᠎ᠠ ᠮᠡᠷᠭᠡᠵᠢᠯ ᠤᠨ ᠦᠨᠳᠦᠷ ᠳᠦᠪᠰᠢᠨ ᠲᠠᠢ ᠭᠠᠷ ᠤᠷᠠᠯᠠᠯ ᠤᠨ ᠭᠠᠶᠢᠬᠠᠮᠰᠢᠭᠳᠤ ᠪᠦᠳᠦᠭᠡᠯ ᠤᠨ ᠨᠢᠭᠡ ᠪᠤᠯᠬᠤ ᠶᠤᠮ᠃ ᠮᠤᠷᠢ ᠬᠤᠯᠠᠳᠠᠵᠦ᠂ ᠮᠠᠰᠢᠨ ᠤᠯᠠᠳᠠᠬᠰᠠᠠ ᠦᠨᠦᠳᠦᠷ ᠴᠤ ᠮᠤᠷᠢᠳᠡᠨ ᠦᠨᠳᠦᠰᠦᠳᠡᠨ ᠤ ᠰᠢᠳᠢᠳᠤ ᠦᠯᠦᠭᠡᠢ ᠪᠤᠯᠤᠭᠰᠠᠠ ᠮᠤᠩᠭᠤᠯ ᠡᠮᠡᠭᠡᠯ ᠨᠢ ᠬᠤᠳᠠ ᠭᠦᠳᠡᠭᠡ ᠶᠢᠨ ᠮᠤᠩᠭᠤᠯ ᠠᠶᠢᠯ ᠤᠨ ᠪᠡᠯᠭᠡ ᠳᠡᠮᠪᠡᠷᠢᠯ ᠲᠠᠢ ᠦᠨᠡᠳᠦ ᠴᠢᠮᠡᠭᠯᠡᠯ ᠤᠨ ᠨᠢᠭᠡ ᠪᠤᠯᠵᠦ ᠡᠷᠭᠢᠮᠯᠡᠭᠳᠡᠵᠦ ᠪᠤᠢ᠃            ᠬᠤᠶᠠᠷ᠂ ᠡᠩ ᠤᠨ ᠮᠤᠩᠭᠤᠯ ᠡᠮᠡᠭᠡᠯ ᠤᠨ ᠪᠦᠳᠦᠴᠡ ᠪᠤᠶᠤ ᠳᠤᠨᠤᠭᠯᠠᠯ            ᠨᠢᠭᠡᠨ ᠪᠦᠷᠢᠨ ᠳᠤᠨᠤᠭᠯᠠᠯ ᠲᠠᠢ ᠡᠮᠡᠭᠡᠯ ᠨᠢ ᠡᠮᠡᠭᠡᠯ ᠤᠨ ᠮᠤᠳᠤ ᠠᠴᠠ ᠭᠠᠳᠠᠨ᠎ᠠ ᠳᠤᠬᠤᠮ ᠭᠦᠯᠢᠮ᠂  ᠭᠠᠨᠵᠤᠭ᠎ᠠ ᠳᠦᠷᠦᠭᠡ᠂ ᠤᠯᠤᠩ ᠵᠢᠷᠢᠮ ᠵᠡᠷᠭᠡ ᠳᠤᠨᠤᠭ ᠢᠶᠠᠷ ᠪᠦᠷᠢᠯᠳᠦᠵᠦ᠂ ᠳᠤᠰ ᠳᠤᠰ ᠤᠨ ᠦᠢᠯᠡᠳᠦᠯ ᠲᠠᠢ ᠪᠠᠶᠢᠳᠠᠭ᠃            ᠠᠳᠡ ᠤᠷᠢᠳᠠᠪᠠᠷ ᠡᠮᠡᠭᠡᠯ ᠤᠨ ᠳᠤᠨᠤᠬᠯᠠᠯ ᠢ ᠵᠢᠷᠤᠬ ᠢᠶᠠᠷ ᠦᠵᠡᠭᠦᠯᠵᠦ᠂ ᠨᠡᠶᠢᠳᠡ ᠮᠤᠩᠭᠤᠯ ᠤᠨ ᠳᠠᠭᠤᠳᠠᠯᠭ᠎ᠠ ᠨᠡᠷᠡᠶᠢᠳᠦᠯ ᠢᠶᠠᠷ ᠳᠠᠶᠢᠯᠪᠦᠷᠢᠯᠡᠪᠡᠯ᠄       1. ᠭᠢᠷ᠎ᠡ ︵ᠭᠦᠪᠡᠭᠡ ᠴᠤ ᠭᠡᠳᠡᠭ︶       2. ᠳᠡᠪᠢᠰ ︵ᠤᠪᠳᠠᠢ ᠴᠤ ᠭᠡᠳᠡᠭ︶      3. ᠳᠡᠪᠰᠡᠭ       4. ᠳᠠᠷᠤᠯᠭ᠎ᠠ       5. ᠡᠮᠤᠨ᠎ᠡ ᠪᠦᠭᠦᠷᠭᠡ      6. ᠬᠤᠶᠢᠳᠤ ᠪᠦᠭᠦᠷᠭᠡ       7. ᠬᠤᠩᠬᠤ       8. ᠬᠠᠪᠳᠠᠰᠤ       9. ᠪᠠᠪᠠᠷ ︵ᠪᠠᠭᠠᠪᠤᠷ︶       10. ᠤᠷᠢᠳᠤ ᠭᠠᠨᠵᠤᠭ᠎ᠠ       11. ᠬᠤᠶᠢᠳᠤ ᠭᠠᠨᠵᠤᠭ᠎ᠠ       12. ᠭᠤᠭᠴᠤᠭ᠎ᠠ ︵ᠬᠤᠶᠢᠳᠤ ᠭᠠᠨᠵᠤᠭ᠎ᠠ ᠶᠢᠨ ᠬᠠᠵᠠᠭᠤ ᠪᠠᠷ ᠳᠠᠳᠠᠬᠰᠠᠠ ᠰᠢᠵᠢᠮ︶            13. ᠤᠨᠵᠢᠭᠤᠷᠭ᠎ᠠ ︵ᠳᠦᠷᠦᠭᠡᠪᠴᠢ᠂ ᠳᠠᠷᠤᠪᠴᠢ᠂ ᠬᠠᠷᠠᠭᠤ︶       14. ᠭᠦᠯᠢᠮ       15. ᠳᠤᠬᠤᠮ       16. ᠳᠦᠷᠦᠭᠡ       17. ᠳᠦᠷᠦᠭᠡᠨ ᠰᠤᠷ       18. ᠤᠯᠤᠩ       19. ᠵᠢᠷᠢᠮ       20. ᠭᠤᠷᠭᠢ ᠶᠢᠨ ᠠᠷᠠᠯ       21. ᠭᠤᠷᠭᠢ ᠶᠢᠨ ᠭᠡᠯᠡ       ᠡᠮᠡᠭᠡᠯ ᠤᠨ ᠳᠤᠨᠤᠭ ᠨᠢᠭᠡᠪᠦᠷᠢ ᠶᠢᠨ ᠳᠠᠶᠢᠯᠪᠦᠷᠢ᠄       1 ᠭᠢᠷ᠎ᠡ — ᠡᠮᠡᠭᠡᠯ ᠤᠨ ᠮᠤᠳᠤ ᠶᠢ ᠭᠠᠳᠠᠷᠯᠠᠭᠰᠠᠠ ᠳᠡᠪᠢᠰ ︵ᠤᠪᠳᠠᠢ︶᠎ ᠤᠨ ᠢᠷᠮᠡᠭ ᠢ ᠳᠠᠷᠤᠵᠦ ᠭᠦᠪᠡᠭᠡᠯᠡᠭᠰᠡᠡ ᠡᠮᠡᠭᠡᠯ ᠤᠨ ᠴᠢᠬᠤᠯᠠ ᠵᠠᠰᠠᠯ ᠵᠢᠮᠰᠡᠭ᠃ ᠡᠭᠦᠨ ᠢ ᠠᠯᠳᠠ ᠮᠦᠩᠭᠦ᠂ ᠵᠠᠰ ᠭᠠᠤᠯᠢ᠂ ᠴᠠᠶᠢᠷ᠂ ᠳᠠᠮᠤᠷ ᠵᠢᠴᠢ ᠶᠠᠰᠤ ᠪᠠᠷ ᠭᠢᠳᠡᠭ ᠪᠦᠭᠡᠳ ᠬᠤᠷᠤᠭᠤ ᠦᠷᠭᠡᠨ ᠭᠢᠷ᠎ᠡ ᠳᠡᠭᠡᠷ᠎ᠡ ᠪᠠᠨ ᠯᠤᠤ ᠭᠠᠷᠤᠳᠢ ᠪᠤᠶᠤ ᠤᠭᠠᠯᠵᠠ ᠭᠡ ᠶᠢᠨ ᠵᠢᠷᠤᠭ ᠰᠡᠶᠢᠯᠦᠭᠰᠡᠡ ᠪᠠᠶᠢᠳᠠᠭ᠃ ᠪᠦᠭᠦᠷᠭᠡ᠂ ᠬᠤᠩᠬᠤ᠂ ᠬᠠᠪᠳᠠᠰᠤ ᠶᠢᠨ ᠬᠢ ᠨᠡᠶᠢᠯᠡᠭᠡᠳ 8 ᠭᠡᠰᠡᠭ ᠭᠢᠷ᠎ᠡ ᠪᠦᠳᠦᠳᠡᠭ᠃ ᠭᠡᠪᠡᠴᠤ ᠳᠦᠭᠦᠮ ᠵᠠᠰᠠᠬᠰᠠᠠ ᠡᠩ ᠤᠨ ᠡᠮᠡᠭᠡᠯ ᠨᠢ ᠵᠦᠪᠭᠡᠨ ᠬᠤᠶᠠᠷ ᠪᠦᠭᠦᠷᠭᠡ ᠳᠤ ᠯᠡ ᠭᠢᠷ᠎ᠡ ᠬᠠᠳᠠᠬᠰᠠᠠ ᠪᠠᠶᠢᠳᠠᠭ᠃       2 ᠪᠦᠭᠦᠷᠭᠡ — ᠰᠠᠭᠤᠳᠠᠯ ᠤᠨ ᠡᠮᠤᠨ᠎ᠡ᠂ ᠬᠤᠶᠢᠳᠤ ᠳᠠᠯ᠎ᠠ ᠶᠢᠨ ᠮᠤᠳᠤ᠂ ᠮᠤᠷᠳᠡᠵᠦ ᠪᠠᠭᠤᠬᠤ ᠪᠤᠶᠤ ᠡᠮᠡᠭᠡᠯ ᠳᠡᠭᠡᠷ᠎ᠡ ᠠᠵᠢᠯᠯᠠᠬᠤ ᠳᠤ ᠳᠦᠰᠢᠭ ᠪᠤᠯᠳᠠᠭ᠃ ᠪᠦᠭᠦᠷᠭᠡ ᠶᠢᠨ ᠮᠤᠳᠤ ᠶᠢ ᠪᠤᠳᠤᠭ ᠰᠢᠷ ᠰᠠᠭᠤᠯᠭᠠᠬᠤ ᠪᠤᠶᠤ ᠴᠢᠭᠢᠭᠳᠡᠵᠦ ᠬᠠᠭᠠᠷᠠᠬᠤ ᠠᠴᠠ ᠰᠡᠷᠭᠡᠶᠢᠯᠡᠨ ᠠᠷᠠᠰᠤ ᠰᠢᠷᠢ᠂ ᠵᠢᠭᠠᠰᠤᠨ ᠬᠠᠶᠢᠷ᠂ ᠴᠠᠪᠠᠤᠳᠤ ᠬᠠᠶᠢᠷ ᠢᠶᠠᠷ ᠭᠠᠳᠠᠷᠯᠠᠳᠠᠭ᠃       3 ᠳᠡᠪᠢᠰ — ᠭᠤᠤᠯᠳᠠᠭᠤ ᠡᠳ᠋ᠰᠢᠭᠦᠯᠦᠭᠰᠡᠡ ᠠᠷᠠᠰᠤ ᠰᠢᠷᠢ ᠪᠠᠷ ᠡᠮᠡᠭᠡᠯ ᠤᠨ ᠮᠤᠳᠤ᠂ ᠰᠠᠭᠤᠳᠠᠯ ᠢᠶᠠᠨ ᠨᠠᠭᠠᠵᠦ ᠪᠦᠷᠢᠶᠡᠰᠦᠯᠡᠭᠰᠡᠡ ᠢ ᠳᠡᠪᠢᠰ ︵ᠤᠪᠳᠠᠢ︶ ᠭᠡᠳᠡᠭ᠃ ᠠᠷ ᠭᠡ ᠭᠠᠷᠭᠠᠬᠰᠠᠠ ᠪᠤᠯᠢᠭᠠᠷᠢ ᠪᠤᠶᠤ ᠭᠦᠯᠢᠭᠡᠷ ᠰᠡᠪᠭᠢᠨ ᠠᠷᠠᠰᠤ ᠪᠠᠷ ᠪᠦᠷᠢᠶᠡᠰᠤᠯᠡᠭᠰᠡᠡ ᠪᠠᠶᠢᠳᠠᠭ᠃       4 ᠳᠠᠷᠤᠯᠭ᠎ᠠ — ᠡᠮᠡᠭᠡᠯ ᠤᠨ ᠳᠡᠪᠢᠰ ᠢ ᠳᠠᠷᠤᠵᠦ᠂ ᠰᠠᠭᠤᠳᠠᠯ ᠤᠨ ᠬᠤᠶᠠᠷ ᠬᠠᠵᠠᠭᠤ ᠳᠠᠯ᠎ᠠ ᠳᠤ ᠳᠤᠰᠪᠦᠷᠢ ᠬᠤᠶᠠᠷ ᠳᠠᠷᠤᠯᠭ᠎ᠠ ᠳᠠᠷᠤᠬᠤ ᠳᠠᠭᠠᠨ ᠡᠮᠡᠭᠡᠯ ᠤᠨ ᠭᠢᠷ᠎ᠡ ᠲᠠᠢ ᠪᠠᠨ ᠢᠵᠢᠳᠦᠭᠦᠯᠵᠦ᠂ ᠠᠯᠳᠠ ᠮᠦᠩᠭᠦ ᠪᠤᠶᠤ ᠵᠠᠰ ᠭᠠᠤᠯᠢᠨ ᠳᠠᠷᠤᠯᠭ᠎ᠠ ᠳᠠᠷᠤᠳᠠᠭ᠃ ᠳᠠᠷᠤᠯᠭ᠎ᠠ ᠶᠢᠨ ᠵᠢᠵᠢᠭ ᠢ ᠨᠢ ᠳᠤᠪᠤᠷᠤᠤ ᠭᠡᠳᠡᠭ᠃       5 ᠳᠡᠪᠰᠡᠭ — ᠡᠮᠡᠭᠡᠯ ᠤᠨ ᠰᠠᠭᠤᠳᠠᠯ ᠢ ᠵᠦᠭᠡᠯᠡᠯᠡᠭᠦ ᠵᠤᠷᠢᠭᠤᠯᠤᠯᠳᠠ ᠪᠠᠷ ᠡᠮᠡᠭᠡᠯ ᠤᠨ ᠳᠡᠪᠢᠰ ᠤᠨ ᠳᠦᠷᠪᠡᠨ ᠳᠠᠷᠤᠯᠭ᠎ᠠ ᠶᠢᠨ ᠳᠤᠤᠷ᠎ᠠ ᠪᠠᠰᠠ ᠳᠦᠷᠪᠡᠯᠵᠢᠨ ᠵᠢᠭᠢᠷᠢᠭ ᠳᠠᠪᠢᠰᠭᠡᠷ ᠳᠠᠷᠤᠭᠰᠠᠠ ᠢ ᠳᠡᠪᠰᠡᠭ ᠭᠡᠳᠡᠭ᠃       6 ᠬᠠᠪᠳᠠᠰᠤ — ᠡᠮᠡᠭᠡᠯ ᠤᠨ ᠮᠤᠳᠤᠨ ᠤ ᠮᠤᠷᠢᠨ ᠨᠢᠷᠤᠭᠤ ᠶᠢ ᠬᠠᠪᠴᠢᠵᠦ ᠰᠠᠭᠤᠬᠰᠠᠠ ᠬᠤᠶᠠᠷ ᠳᠠᠯ᠎ᠠ ᠶᠢᠨ ᠬᠠᠪᠳᠠᠰᠤ ᠶᠢ ᠭᠡᠯᠡᠨ᠎ᠡ᠃ ᠡᠮᠡᠭᠡᠯ ᠤᠨ ᠬᠤᠶᠠᠷ ᠪᠦᠭᠦᠷᠭᠡ ᠪᠡ ᠰᠠᠭᠤᠳᠠᠯ ᠢ ᠴᠦᠮ ᠳᠡᠭᠦᠨ ᠳᠡᠭᠡᠷ᠎ᠡ ᠳᠤᠯᠭᠠᠭᠤᠷᠢᠯᠠᠳᠠᠭ ᠪᠦᠭᠡᠳ ᠬᠠᠪᠳᠠᠰᠤᠨ ᠠᠴᠠ ᠳᠦᠷᠦᠭᠡ ᠪᠠᠨ ᠳᠡᠭᠦᠵᠢᠯᠡᠵᠦ᠂ ᠤᠯᠤᠩ ᠵᠢᠷᠢᠮ᠂ ᠭᠠᠨᠵᠤᠭ᠎ᠠ ᠶᠢ ᠳᠠᠳᠠᠳᠠᠭ᠃       7 ᠬᠤᠩᠬᠤ — ᠬᠤᠶᠠᠷ ᠪᠦᠭᠦᠷᠭᠡ᠂ ᠬᠤᠶᠠᠷ ᠬᠠᠪᠳᠠᠰᠤ᠂ ᠰᠠᠭᠤᠳᠠᠯ ᠤᠨ ᠭᠤᠤᠯ ᠢ ᠬᠤᠯᠪᠤᠬᠰᠠᠠ ᠡᠮᠡᠭᠡᠯ‌‍ᠤᠨ ᠮᠤᠳᠤᠨ ᠤ ᠳᠤᠤᠷ᠎ᠠ ᠳᠠᠯ᠎ᠠ ᠶᠢᠨ ᠬᠤᠩᠬᠤᠷ ᠭᠡᠰᠡᠭ ᠢ ᠬᠤᠩᠬᠤ ᠭᠡᠳᠡᠭ᠃ ᠳᠡᠷᠡ ᠨᠢ ᠡᠮᠤᠨ᠎ᠡ ᠪᠦᠭᠦᠷᠭᠡ‌‍ᠶᠢᠨ ᠳᠤᠤᠷ᠎ᠠ ᠳᠠᠯ᠎ᠠ ᠠᠴᠠ ᠰᠠᠭᠤᠳᠠᠯ ᠤᠨ ᠭᠤᠤᠯ ᠳᠡᠮᠵᠢᠨ ᠬᠤᠶᠢᠳᠤ ᠪᠦᠭᠦᠷᠭᠡ ᠶᠢᠨ ᠳᠤᠤᠭᠤᠷ ᠨᠤᠮᠤᠨ ᠭᠡᠯᠪᠡᠷᠢᠳᠡᠢ ᠨᠡᠪᠳᠡ ᠬᠤᠩᠬᠤᠷ ᠪᠠᠶᠢᠵᠦ᠂ ᠮᠤᠷᠢᠨ ᠤ ᠭᠤᠤᠯ ᠨᠢᠷᠤᠭᠤᠨ ᠠᠴᠠ ᠭᠦᠨᠳᠡᠢ ᠭᠡᠢ ᠪᠠᠶᠢᠳᠠᠭ᠃       8 ᠭᠠᠨᠵᠤᠭ᠎ᠠ — ᠡᠮᠡᠭᠡᠯ ᠤᠨ ᠵᠡᠭᠦᠨ ᠪᠠᠷᠠᠭᠤᠨ ᠬᠠᠪᠳᠠᠰᠤᠨ ᠤ ᠡᠮᠤᠨ᠎ᠡ ᠬᠤᠶᠢᠨᠡᠭᠢ ᠬᠤᠶᠠᠷ ᠦᠵᠦᠭᠦᠷ‌‍ᠤᠨ ᠭᠡᠰᠡᠭ ᠠᠴᠠ ᠨᠦᠭᠡ ᠴᠤᠭᠤᠯᠤᠨ ᠨᠠᠢᠮᠠ ᠨᠠᠢᠮᠠᠨ ︵18 — 32 ᠴᠤ ᠪᠠᠶᠢᠳᠠᠭ︶ ᠰᠢᠷᠭᠡᠭ ᠰᠤᠷ ᠳᠠᠳᠠᠬᠰᠠᠠ ᠢ ᠭᠠᠨᠵᠤᠭ᠎ᠠ ᠭᠡᠳᠡᠭ᠃ ᠳᠡᠷᠡ ᠨᠢ ᠳᠡᠭᠰᠢ ᠬᠤᠤᠰᠯᠠᠯ᠂ ᠭᠡᠮ ᠵᠤᠭᠢᠴᠡᠯ ᠤᠨ ᠳᠡᠯ᠎ᠡ ᠪᠠᠷ ᠡᠮᠡᠭᠡᠯ‌ᠢ ᠦᠵᠡᠮᠦᠷᠢᠳᠡᠢ ᠪᠤᠯᠭᠠᠬᠰᠠᠠ ᠳᠡᠳᠦᠢ ᠦᠭᠡᠢ ᠬᠤᠶᠢᠳᠤ ᠬᠠᠪᠳᠡᠰᠤᠨ ᠠᠴᠠ ᠳᠠᠳᠠᠬᠰᠠᠠ ᠭᠠᠨᠵᠤᠭ᠎ᠠ ᠨᠢ ᠡᠮᠨᠢᠭ ᠰᠤᠷᠭᠠᠬᠤ ᠳᠤ ᠪᠤᠷᠤᠭᠤ ᠭᠠᠷ ᠢᠶᠠᠷ ᠢᠶᠠᠨ ᠳᠠᠳᠠᠵᠦ ᠪᠠᠷᠢᠬᠤ ᠪᠠᠷᠢᠳᠡᠯ ᠪᠤᠯᠬᠤ ᠠᠴᠠ ᠭᠠᠳᠠᠨ᠎ᠠ ᠭᠤᠤᠯ ᠨᠢ ᠡᠮᠡᠭᠡᠯ ᠤᠨ ᠠᠷᠤ ᠳᠡᠭᠡᠷ᠎ᠡ ᠪᠠᠭ᠎ᠠ ᠰᠠᠭ᠎ᠠ ᠶᠠᠭᠤᠮ᠎ᠠ ᠳᠠᠷᠤᠭᠤᠯᠤᠨ ᠭᠠᠨᠵᠤᠭᠠᠯᠠᠬᠤ ᠳᠤ ᠤᠶᠠᠭ᠎ᠠ ᠳᠠᠳᠠᠯᠭ᠎ᠠ‌‍ᠶᠢᠨ ᠦᠢᠯᠡᠳᠦᠯ ᠲᠠᠢ ᠶᠤᠮ᠃      9 ᠪᠠᠭᠠᠪᠤᠷ — ᠪᠠᠭᠠᠪᠤᠷ ᠪᠤᠯ ᠬᠠᠪᠳᠠᠰᠤᠨ ᠳᠠᠬᠢ ᠭᠠᠨᠵᠤᠭᠠᠨ ᠰᠤᠷ ᠳᠠᠳᠠᠬᠤ ᠨᠦᠭᠡ ᠶᠢ ᠳᠠᠷᠤᠵᠦ᠂ ᠳᠠᠬᠯᠠᠵᠦ ᠴᠢᠮᠡᠭᠯᠡᠭᠰᠡᠡ ᠠᠯᠳᠠᠨ ᠮᠦᠩᠭᠦᠨ ᠵᠠᠰᠠᠯ ᠤᠨ ᠳᠤᠨᠤᠬ ᠶᠤᠮ᠃ ᠳᠡᠭᠦᠨ ᠢ ᠠᠯᠳᠠ ᠮᠦᠩᠭᠦ ᠭᠠᠤᠯᠢᠨ ᠤ ᠤᠷᠠᠨ ᠳᠠᠷᠬᠠᠨ ᠳᠤᠰᠬᠠᠢ ᠦᠢᠯᠡᠳᠴᠤ᠂ ᠪᠡᠭᠠᠪᠤᠷ ᠳᠡᠭᠡᠷ᠎ᠡ ᠪᠠᠨ ᠪᠠᠰᠠ ᠤᠯᠠᠨ ᠰᠠᠶᠢᠬᠠᠨ ᠴᠠᠪᠴᠢᠮᠠᠯ ᠭᠡ ᠤᠭᠠᠯᠵᠠ ᠶᠢ ᠤᠷᠠᠯᠠᠬᠰᠠᠠ ᠪᠠᠶᠢᠳᠠᠬ᠃       10 ᠳᠤᠬᠤᠮ — ᠳᠡᠷᠡ ᠨᠢ ᠡᠮᠡᠭᠡᠯ ᠬᠡᠷᠡᠭᠯᠡᠬᠦ ᠠᠴᠠ ᠡᠮᠤᠨ᠎ᠡ ᠮᠤᠷᠢᠨ ᠨᠢᠷᠤᠭᠤᠨ ᠳᠡᠭᠡᠷ᠎ᠡ ᠠᠩᠬ᠎ᠠ ᠳᠤᠬᠤᠬᠳᠠᠬᠰᠠᠠ ᠪᠠᠶᠢᠵᠦ᠂ ᠬᠤᠵᠢᠮ ᠨᠢ ᠡᠮᠡᠭᠡᠯ ᠤᠨ ᠳᠤᠤᠷ᠎ᠠ ᠵᠢᠭᠢᠷᠢᠭ ᠪᠤᠯᠭᠠᠵᠦ ᠮᠤᠷᠢᠨ ᠨᠢᠷᠤᠭᠤ ᠶᠢ ᠬᠠᠮᠠᠭᠠᠯᠠᠨ ᠵᠦᠭᠡᠯᠡᠯᠡᠭᠰᠡᠡ ᠢᠰᠡᠭᠡᠢ ︵ᠡᠷᠳᠡ ᠦᠶ᠎ᠡ ᠳᠡᠭᠡᠨ ᠠᠮᠢᠳᠠᠨ ᠤ ᠠᠷᠠᠰᠤ ᠦᠰᠦ ᠪᠠᠶᠢᠬᠰᠠᠠ ᠴᠤ ᠪᠤᠯᠵᠤᠰᠢ ᠦᠭᠡᠢ︶  ᠪᠤᠯᠤᠨ᠎ᠠ᠃ ᠮᠦᠨᠴᠤ ᠭᠦᠯᠢᠮ ᠮᠤᠷᠢᠨ ᠤ ᠭᠦᠯᠦᠰᠤᠨ ᠳᠤ ᠳᠡᠪᠳᠤᠭᠦ ᠶᠢ ᠰᠡᠷᠭᠡᠶᠢᠯᠡᠳᠡᠭ᠃ ᠰᠡᠭᠦᠯ ᠤᠨ ᠦᠶ᠎ᠡ ᠳᠤ ᠬᠤᠶᠠᠷ ᠠᠴᠠ ᠭᠤᠷᠪᠠᠨ ᠳᠠᠪᠬᠤᠷ ᠳᠤᠬᠤᠮ ᠳᠤᠬᠤᠵᠦ ᠨᠢᠭᠡ ᠶᠢ ᠨᠢ ᠨᠢᠭᠡ ᠦᠩᠭᠡ ᠶᠢᠨ ᠦᠭᠡᠳᠡᠩ ᠪᠤᠶᠤ ᠳᠤᠷᠭ᠎ᠠ ᠪᠠᠷ ᠭᠦᠪᠡᠭᠡᠯᠡᠨ ᠡᠮᠵᠢᠶᠡᠷᠢᠯᠡᠭᠰᠡᠡ ᠢᠶᠠᠷ ᠭᠦᠯᠢᠮ ᠤᠨ ᠳᠤᠤᠭᠤᠷ ᠵᠠᠬ᠎ᠠ ᠨᠢ ᠰᠤᠯᠤᠩᠭᠠᠷᠠᠨ ᠬᠠᠷᠠᠬᠳᠠᠳᠠᠭ᠃       11 ᠭᠦᠯᠢᠮ — ᠭᠦᠯᠢᠮ ᠨᠢ ᠡᠮᠡᠭᠡᠯ ᠤᠨ ᠭᠦᠭᠵᠢᠯ ᠤᠨ ᠶᠠᠪᠤᠴᠡ ᠳᠤ ᠨᠠᠯᠢᠶᠠᠳ ᠬᠤᠵᠢᠭᠤ ᠪᠤᠢ ᠪᠤᠯᠤᠬᠰᠠᠠ ᠪᠠᠶᠢᠵᠦ ᠮᠠᠳᠠᠨ᠎ᠠ᠃ ᠡᠮᠡᠭᠡᠯ ᠭᠢᠭᠡᠳ ᠳᠤᠬᠤᠮ ᠤᠨ ᠵᠡᠪᠰᠡᠷ ᠭᠦᠯᠢᠮ ᠭᠡᠭᠦ ᠡᠨᠡᠭᠦ ᠵᠢᠭᠦᠷ ᠳᠠᠯᠠᠪᠴᠢ ᠭᠡᠮᠡᠷ ᠳᠤᠮᠤ ᠭᠡᠰᠡᠭ ᠰᠢᠷᠢ ᠪᠤᠯᠢᠭᠠᠷᠢ ᠳᠤᠨᠤᠬ ᠢ ᠵᠤᠭᠢᠶᠠᠬᠰᠠᠠ ᠢᠶᠠᠷ ᠢᠰᠡᠭᠡᠢ ᠳᠤᠬᠤᠮ ᠪᠡ ᠬᠤᠶᠢᠨ᠎ᠡ ᠡᠮᠤᠨᠡᠭᠢ ᠤᠯᠤᠩ ᠵᠢᠷᠢᠮ ᠢ ᠳᠡᠯᠳᠡᠯᠡᠵᠦ᠂ ᠳᠦᠷᠦᠭᠡ ᠪᠡ ᠳᠦᠷᠦᠭᠡᠨ ᠰᠤᠷ ᠳᠦᠷᠦᠭᠡᠪᠴᠢ ᠳᠤ ᠳᠡᠪᠢᠰᠭᠡᠷ ᠪᠤᠯᠤᠨ ᠵᠤᠭᠢᠴᠡᠵᠦ ᠮᠠᠰᠢ ᠦᠵᠡᠮᠤᠷᠢᠳᠡᠢ ᠪᠤᠯᠵᠠᠢ᠃ ᠡᠭᠦᠨ ᠢᠶᠠᠷ ᠪᠠᠷᠠᠬᠤ ᠦᠭᠡᠢ ᠮᠤᠷᠢᠨ ᠤ ᠭᠦᠯᠦᠰᠦ ᠪᠡ ᠦᠰᠦ ᠭᠢᠯᠭᠠᠰᠤ ᠶᠢ ᠭᠦᠮᠦᠨ ᠤ ᠪᠡᠶ᠎ᠡ ᠳᠤ ᠭᠦᠷᠦᠯᠴᠡᠭᠦ ᠶᠢ ᠰᠡᠷᠭᠡᠶᠢᠯᠡᠵᠦ ᠴᠢᠳᠡᠬᠰᠠᠠ ᠪᠠᠶᠢᠪᠠ᠃ ᠭᠦᠯᠢᠮ ᠨᠢ ᠳᠦᠷᠪᠡᠯᠵᠢᠨ᠂ ᠳᠤᠤᠷᠠᠬᠢ ᠨᠢ ᠳᠠᠯ᠎ᠠ ᠳᠤᠭᠤᠷᠢᠭ ᠵᠡᠷᠭᠡ ᠭᠡᠯᠪᠡᠷᠢ ᠲᠠᠢ ᠪᠠᠶᠢᠳᠠᠭ ᠴᠤ ᠪᠦᠷ ᠯᠡ ᠬᠤᠶᠠᠷ ᠭᠡᠰᠡᠭ ᠠᠷᠠᠰᠤ ᠰᠢᠷᠢ ᠪᠤᠶᠤ ᠪᠤᠯᠢᠭᠠᠷᠢ ᠶᠢ ᠨᠠᠷᠢᠨ ᠰᠤᠷ ᠢᠶᠠᠷ ᠭᠡᠯᠭᠢᠵᠦ᠂ ᠦᠳᠡᠭᠡᠷᠢ ᠵᠠᠯᠭᠠᠷᠢ ᠶᠢ ᠨᠢ ᠡᠮᠡᠭᠡᠯ ᠤᠨ ᠬᠤᠩᠬᠤ ᠶᠢᠨ ᠳᠤᠤᠷ᠎ᠠ ᠭᠦᠨᠳᠡᠢ ᠳᠤ ᠳᠠᠭᠠᠷᠠᠭᠤᠯᠤᠬᠰᠠᠠ ᠨᠢ ᠭᠠᠶᠢᠬᠠᠯᠳᠠᠢ᠃ ᠭᠡᠪᠢᠰ ᠵᠡᠷᠭᠡ ᠨᠡᠭᠡᠮᠡᠯ ᠡᠳ᠋‌‍ᠢᠶ᠋ᠠᠷ ᠭᠢᠭᠰᠡᠡ ᠭᠦᠯᠢᠮ ᠴᠤ ᠪᠠᠶᠢᠳᠠᠭ᠃       12 ᠳᠦᠷᠦᠭᠡ — ᠳᠦᠷᠦᠭᠡ ᠨᠢ ᠳᠤᠬᠤᠮ ᠳᠤᠬᠤᠰᠢ ᠭᠡᠷᠡᠭᠯᠡᠵᠦ ᠡᠭᠢᠯᠡᠭᠦ ᠲᠠᠢ ᠵᠡᠷᠭᠡ ᠮᠤᠷᠢᠨ ᠨᠢᠷᠤᠭᠤᠨ ᠳᠤ ᠮᠤᠷᠳᠠᠵᠤ ᠪᠠᠭᠤᠬᠤ ᠪᠤᠶᠤ ᠮᠤᠷᠢᠨ ᠨᠢᠷᠤᠭᠤᠨ ᠳᠡᠭᠡᠷ᠎ᠡ ᠴᠢᠯᠦᠭᠡᠳᠡᠢ ᠠᠵᠢᠯᠯᠠᠬᠤ ᠱᠠᠭᠠᠷᠳᠠᠯᠭ᠎ᠠ ᠠᠴᠠ ᠪᠤᠢ ᠪᠤᠯᠤᠭᠰᠠᠠ ᠪᠦᠭᠡᠳ ᠭᠦᠮᠦᠨ ᠤ ᠬᠤᠨᠳᠤᠯᠠᠢ ᠰᠠᠭᠤᠳᠠᠯ ᠢ ᠮᠤᠷᠢᠨ ᠨᠢᠷᠤᠭᠤ ᠠᠴᠠ ᠭᠡᠶᠢᠷᠠᠭᠦᠯᠵᠦ᠂ ᠮᠤᠷᠢᠨ ᠨᠢᠷᠤᠭᠤ ᠭᠡᠳᠦ ᠬᠤᠯᠭᠤᠵᠦ ᠬᠠᠯᠠᠬᠤ ᠪᠤᠶᠤ ᠳᠤᠬᠤᠮ ᠤᠨ ᠡᠯᠡᠭᠳᠡᠯ ᠢ ᠵᠤᠭᠢᠬᠤ ᠭᠡᠮᠵᠢᠶᠡᠨ ᠳᠤ ᠪᠠᠭᠠᠰᠬᠠᠬᠰᠠᠠ ᠪᠠᠶᠢᠨ᠎ᠠ᠃ ᠳᠡᠭᠡᠷ᠎ᠡ ᠳᠤᠷᠠᠳᠤᠭᠰᠠᠠ ᠮᠡᠳᠤ ᠳᠦᠷᠦᠭᠡ ᠨᠢ ᠠᠩᠬ᠎ᠠ ᠡᠭᠢᠯᠡᠨ ᠡᠪᠡᠰᠤᠨ ᠳᠡᠭᠡᠰᠤ᠂ ᠳᠠᠷᠠᠭ᠎ᠠ ᠨᠢ ᠮᠤᠳᠤ ᠪᠤᠶᠤ ᠶᠠᠰᠤ ᠬᠤᠵᠢᠮ ᠨᠢ ᠳᠠᠮᠦᠷᠯᠢᠭ ᠳᠦᠷᠦᠭᠡ ᠪᠤᠯᠵᠦ ᠭᠦᠭᠵᠢᠵᠡᠢ᠃ ᠳᠦᠷᠦᠭᠡ ᠳᠤ ᠪᠢᠳᠡᠭᠦᠦ ᠳᠦᠷᠦᠭᠡ᠂ ᠳᠦᠷᠪᠡᠯᠵᠢᠨ ᠳᠦᠷᠦᠭᠡ᠂ ᠳᠤᠭᠤᠷᠢᠭ ᠳᠦᠷᠦᠭᠡ ᠭᠡᠵᠦ ᠪᠠᠶᠢᠳᠠᠭ᠃ ᠪᠠᠰᠠ ᠡᠷᠬᠢᠬᠦᠯᠬᠡ ᠲᠠᠢ ᠳᠦᠷᠦᠬᠡ ᠭᠡᠵᠤ ᠪᠤᠢ᠃       13 ᠳᠦᠷᠦᠭᠡᠨ ᠰᠤᠷ — ᠳᠦᠷᠦᠭᠡ ᠶᠢ ᠡᠮᠡᠭᠡᠯ ᠤᠨ ᠬᠠᠪᠳᠠᠰᠤ ᠲᠠᠢ ᠬᠤᠯᠪᠤᠭᠰᠠᠠ 2 — 3 ᠬᠤᠷᠤᠭᠤ ᠦᠷᠭᠡᠨ ᠴᠤᠯᠭᠤᠢ ᠰᠤᠷ ᠢ ᠭᠡᠯᠡᠳᠡᠭ᠃ ᠳᠦᠷᠦᠭᠡᠨ ᠰᠤᠷ ᠤᠨ ᠤᠷᠳᠤ ᠶᠢᠨ ᠭᠡᠮᠵᠢᠶ᠎ᠡ ᠶᠢ ᠡᠮᠡᠭᠡᠯ ᠢ ᠳᠤᠬᠤᠵᠦ ᠡᠳ᠋ᠯᠡᠭᠦ ᠭᠦᠮᠦᠨ ᠤ ᠪᠠᠨ ᠪᠠᠶ᠎ᠠ ᠪᠢᠯᠳᠡᠷ ᠤᠨ ᠦᠨᠳᠦᠷ ᠪᠤᠭᠤᠨᠢ ᠶᠢᠨ ᠪᠠᠶᠢᠳᠠᠯ ᠳᠤ ᠵᠤᠭᠢᠴᠠᠭᠤᠯᠤᠨ᠎ᠠ᠃ ᠳᠦᠷᠦᠭᠡ ᠶᠢᠨ ᠤᠩᠭᠢ ᠪᠡ ᠬᠠᠪᠳᠠᠰᠤ ᠶᠢᠨ ᠳᠦᠷᠪᠡᠯᠵᠢᠨ ᠨᠦᠭᠡ ᠪᠠᠷ ᠰᠦᠪᠡᠯᠡᠭᠰᠡᠡ ᠰᠤᠷ ᠤᠨ ᠬᠤᠶᠠᠷ ᠦᠵᠦᠭᠦᠷ ᠢ ᠡᠷᠳᠡ ᠦᠶ᠎ᠡ ᠳᠤ ᠳᠠᠷᠤᠵᠦ ᠵᠠᠩᠭᠢᠳᠳᠠᠭ ᠪᠠᠶᠢᠬᠰᠠᠠ ᠢᠶᠠᠨ ᠰᠡᠭᠦᠯ ᠤᠨ ᠦᠶ᠎ᠡ ᠳᠤ ᠳᠠᠮᠤᠷ᠂ ᠭᠠᠤᠯᠢ᠂ ᠵᠠᠰ ᠤᠨ ᠭᠤᠷᠭᠢ ᠳᠠᠭᠠᠷᠠᠭᠤᠯᠬᠤ ᠪᠤᠯᠤᠭᠰᠠᠠ ᠶᠤᠮ᠃       14 ᠤᠨᠵᠢᠭᠤᠷᠭ᠎ᠠ ︵ᠳᠦᠷᠦᠭᠡᠪᠴᠢ︶ — ᠳᠦᠷᠦᠭᠡᠪᠴᠢ ᠨᠢ ᠭᠦᠯᠢᠮ ᠤᠨ ᠳᠡᠭᠡᠳᠦ ᠳᠠᠯ᠎ᠠ ᠳᠤ ᠳᠠᠪᠰᠡᠭ ᠤᠨ ᠳᠤᠤᠷ᠎ᠠ ᠠᠴᠠ ᠤᠨᠵᠢᠭᠤᠯᠤᠬᠰᠠᠠ ᠵᠢᠵᠢᠭ ᠭᠦᠯᠢᠮ ᠤᠨ ᠭᠡᠯᠪᠡᠷᠢᠳᠡᠢ ᠤᠨᠵᠢᠭᠤᠷᠭ᠎ᠠ ᠪᠤᠯᠤᠨ᠎ᠠ᠃ ᠳᠡᠷᠡ ᠨᠢ ᠡᠮᠡᠭᠡᠯ ᠳᠤ ᠳᠡᠭᠰᠢ ᠭᠡᠮ ᠤᠨ ᠵᠦᠢ ᠵᠤᠭᠢᠴᠠᠯ ᠢ ᠤᠯᠭᠤᠬᠰᠠᠠ ᠢᠶᠠᠷ ᠪᠠᠷᠠᠬᠤ ᠦᠭᠡᠢ᠂ ᠳᠦᠷᠦᠭᠡᠨ ᠰᠤᠷ ᠤᠨ ᠵᠠᠩᠭᠢᠶᠠᠳᠠᠰᠤ ᠪᠡ ᠭᠤᠷᠭᠢ ᠶᠢ ᠳᠠᠷᠤᠵᠦ᠂ ᠭᠦᠯ ᠤᠨ ᠪᠤᠯᠴᠢᠩ ᠬᠤᠯᠭᠤᠬᠤ ᠶᠢ ᠰᠡᠷᠭᠡᠶᠢᠯᠡᠵᠦ ᠴᠢᠳᠡᠬᠰᠠᠠ ᠪᠠᠶᠢᠨ᠎ᠠ᠃ ᠳᠡᠭᠦᠨ ᠤ ᠮᠦᠨ ᠭᠦᠯᠢᠮ ᠲᠠᠢ ᠢᠵᠢᠳᠦᠭᠦᠯᠵᠦ ᠠᠳᠠᠯᠢ ᠮᠠᠲᠧᠷᠢᠶᠡᠯ ᠭᠡᠷᠡᠭᠯᠡᠵᠦ᠂ ᠠᠳᠠᠯᠢ ᠶᠠᠩᠵᠦ ᠭᠡᠯᠪᠡᠷᠢ ᠠᠳᠠᠯᠢ ᠦᠩᠭᠡ ᠪᠤᠳᠤᠭ ᠲᠠᠢ ᠭᠢᠳᠡᠭ᠃ ᠳᠦᠷᠦᠭᠡᠪᠴᠢᠨ ᠳᠡᠭᠡᠷ᠎ᠡ ᠤᠯᠠᠩᠭᠢ ᠳᠠᠭᠠᠨ ᠭᠤᠤᠯ‌‍ᠳᠤᠨᠢ ᠨᠢᠭᠡ ᠳᠠᠷᠤᠯᠭ᠎ᠠ ᠪᠤᠶᠤ  ᠳᠡᠭᠦᠨ ᠢ ᠳᠤᠭᠤᠷᠢᠭᠤᠯᠤᠨ ᠳᠦᠷᠪᠡ ᠳᠠᠪᠤᠨ ᠵᠢᠵᠢᠭ ᠳᠤᠪᠤᠷᠤᠤ ᠳᠠᠷᠤᠵᠦ ᠳᠤᠨᠤᠬᠯᠠᠳᠠᠭ᠃       15 ᠤᠯᠤᠩ — ᠤᠯᠦᠩ ᠪᠤᠯ ᠡᠮᠡᠭᠡᠯ ᠢ ᠮᠤᠷᠢᠨ ᠨᠢᠷᠤᠭᠤᠨ ᠳᠤ ᠤᠷᠤᠬᠰᠢ ᠬᠤᠶᠢᠰᠢ ᠰᠢᠯᠵᠢᠭᠦ ᠦᠭᠡᠢ ᠪᠠᠷ ᠳᠤᠬᠳᠠᠭᠠᠬᠤ ᠦᠢᠯᠡᠳᠦᠯ ᠲᠠᠢ ᠳᠠᠯ ᠭᠢᠯᠭᠠᠰᠤ ᠪᠤᠶᠤ ᠡᠳ᠋ᠰᠢᠭᠦᠯᠦᠭᠰᠡᠡ ᠠᠷᠠᠰᠤ ᠰᠢᠷᠢ ᠪᠠᠷ ᠦᠢᠯᠡᠳᠦᠭᠰᠡᠡ ᠪᠦᠰᠡᠯᠡᠭᠦᠷ ᠪᠤᠯᠤᠨ᠎ᠠ᠃ ᠮᠤᠩᠭᠤᠯᠴᠤᠳ ᠡᠷᠳᠡ ᠳᠡᠭᠡᠷ᠎ᠡ ᠦᠶ᠎ᠡ ᠠᠴᠠ ᠳᠡᠭᠦᠨ ᠢ ᠠᠳᠤᠭᠤᠨ ᠤ ᠳᠠᠯ ᠭᠢᠯᠭᠠᠰᠤ ᠪᠠᠷ ᠨᠠᠷᠢᠨ ᠨᠠᠷᠢᠨ ᠭᠦᠷᠦᠭᠰᠡᠡ ᠳᠡᠭᠡᠰᠦ ᠰᠢᠵᠢᠮ ᠢ ᠵᠡᠷᠭᠡᠴᠡᠭᠦᠯᠦᠨ ᠬᠤᠶᠠᠷ ᠬᠤᠷᠤᠭᠤ ᠢᠯᠡᠭᠦᠦ ᠦᠷᠭᠡᠨ ᠬᠠᠪᠳᠠᠭᠠᠢ ᠳᠡᠭᠡᠰᠤ ᠪᠤᠯᠭᠠᠨ ᠤᠷᠠᠯᠡᠵᠦ ᠤᠶᠤᠬᠰᠠᠠ ᠪᠠᠶᠢᠳᠠᠭ᠃ ᠤᠯᠤᠩ ᠤᠨ ᠳᠡᠭᠡᠳᠦ ᠦᠵᠦᠭᠦᠷ ᠢ ᠡᠮᠡᠭᠡᠯ ᠤᠨ ᠪᠤᠷᠤᠭᠤ ᠳᠠᠯ᠎ᠠ ᠶᠢᠨ ᠬᠠᠪᠳᠠᠰᠤᠨ ᠳᠤ ᠭᠠᠷᠭᠠᠬᠰᠠᠠ ᠬᠠᠪᠳᠠᠭᠠᠢ ᠨᠦᠭᠡ ᠠᠴᠠ ᠳᠡᠳᠡᠬᠰᠡᠡ ᠰᠤᠷ ᠤᠬᠴᠤᠷᠠᠭ᠎ᠠ ︵ᠭᠤᠬᠴᠤᠭ᠎ᠠ︶ ᠎ ᠲᠠᠢ ᠵᠠᠯᠭᠠᠵᠦ᠂ ᠨᠠᠭᠠᠳᠤ ᠦᠵᠦᠭᠦᠷ ᠲᠤᠨᠢ ᠳᠡᠮᠤᠷ ᠪᠤᠶᠤ ᠭᠠᠤᠯᠢᠨ ᠭᠤᠷᠭᠢ ᠳᠠᠭᠠᠷᠠᠭᠤᠯᠤᠭᠠᠳ ᠡᠮᠡᠭᠡᠯ ᠤᠨ  ᠵᠢᠷᠢᠮ ᠲᠠᠢ ᠵᠤᠯᠭᠠᠭᠤᠯᠤᠨ ᠭᠤᠷᠭᠢᠯᠠᠳᠠᠭ᠃ ᠤᠯᠤᠩ ᠨᠢ ᠮᠤᠷᠢᠨ ᠤ ᠭᠡᠳᠡᠰᠤᠨ ᠳᠤᠤᠭᠤᠷ ᠳᠠᠳᠠᠬᠤ ᠪᠦᠰᠡᠯᠡᠭᠦᠷ  ᠪᠤᠯᠬᠤᠷ ᠠᠯᠳᠠ ᠢᠯᠡᠭᠦᠦ ᠤᠷᠳᠤ ᠭᠢᠵᠦ ᠤᠷᠳᠤᠰᠬᠠᠵᠦ ᠪᠤᠭᠤᠨᠢᠰᠬᠠᠵᠦ ᠪᠤᠯᠬᠤ ᠪᠠᠷ ᠵᠤᠭᠢᠶᠠᠳᠠᠭ᠃       16 ᠵᠢᠷᠢᠮ — ᠵᠢᠷᠢᠮ ᠨᠢ ᠨᠡᠷᠢᠨ ᠴᠤᠯᠭᠤᠢ ᠰᠤᠷ ᠢᠶᠠᠷ ᠬᠠᠪᠳᠠᠭᠠᠢ ᠭᠦᠷᠦᠭᠰᠡᠡ ᠬᠤᠶᠠᠷ ᠳᠤᠬᠤᠢ ᠭᠢᠷᠢ ᠰᠤᠷ ᠳᠤᠨᠤᠬ ᠪᠤᠯᠤᠨ᠎ᠠ᠃ ᠳᠡᠷᠡ ᠨᠢ ᠤᠯᠤᠩ ᠢ ᠮᠤᠷᠢᠨ ᠭᠡᠳᠡᠰᠦᠨ ᠳᠤᠤᠭᠤᠷ ᠴᠢᠩᠭᠠᠯᠠᠨ ᠳᠠᠳᠠᠵᠦ ᠠᠪᠴᠢᠷᠠᠭᠠᠳ ᠤᠯᠤᠩ ᠤᠨ ᠭᠤᠷᠭᠢ ᠶᠢ ᠠᠮᠠᠳᠠᠨ ᠪᠠᠭᠢᠯᠡᠵᠦ ᠭᠤᠷᠭᠢᠯᠠᠬᠤ ᠦᠢᠯᠡᠳᠦᠯ ᠲᠠᠢ ᠪᠠᠶᠢᠳᠠᠭ᠃ ᠵᠢᠷᠢᠮ ᠢ ᠡᠮᠡᠭᠡᠯ ᠤᠨ ᠵᠦᠪ ᠳᠠᠯ᠎ᠠ ᠶᠢᠨ ᠬᠠᠪᠳᠠᠰᠤᠨ ᠳᠤ ᠭᠠᠷᠭᠠᠭᠰᠠᠠ ᠬᠠᠪᠳᠠᠭᠠᠢ ᠨᠦᠭᠡᠨ ᠠᠴᠠ ᠳᠠᠳᠠᠬᠰᠠᠠ ᠤᠭᠴᠠᠷᠠᠭ᠎ᠠ ︵ᠭᠤᠬᠴᠤᠭ᠎ᠠ︶᠎ ᠪᠠᠷ ᠪᠠᠭᠢᠯᠡᠳᠡᠭ᠃       17 ᠭᠤᠷᠭᠢ — ᠡᠮᠡᠭᠡᠯ ᠤᠨ ᠡᠮᠤᠨ᠎ᠡ ᠬᠤᠶᠢᠳᠤ ᠬᠤᠶᠠᠷ ᠤᠯᠤᠩ ᠤᠨ ᠳᠤᠮᠤ ᠭᠤᠷᠭᠢ ᠠᠴᠠ ᠭᠠᠳᠠᠨ᠎ᠠ ᠴᠢᠳᠦᠷ ᠳᠤᠱᠠ ᠳᠡᠭᠦᠵᠢᠯᠡᠭᠦ ᠭᠤᠭᠴᠤᠭ᠎ᠠ ᠶᠢᠨ ᠦᠵᠦᠭᠦᠷ ᠲᠤ ᠴᠤ ᠵᠢᠵᠢᠭ ᠭᠤᠷᠭᠢ ᠳᠠᠭᠠᠷᠠᠭᠤᠯᠤᠭᠰᠠᠠ ᠪᠠᠶᠢᠳᠠᠭ᠃ ᠭᠤᠷᠭᠢ ᠶᠢ ᠳᠠᠮᠤᠷ᠂ ᠭᠠᠤᠯᠢ ᠵᠡᠷᠭᠡ ᠬᠠᠳᠠᠭᠤ ᠳᠠᠮᠦᠷᠯᠢᠭ ᠢᠶᠠᠷ ᠭᠢᠳᠡᠭ᠃ ᠭᠤᠷᠭᠢ ᠨᠢ ᠳᠦᠷᠪᠡᠯᠵᠢᠨ ᠪᠠ ᠳᠤᠭᠤᠷᠢᠭ ᠶᠠᠩᠵᠦ ᠭᠡᠯᠪᠡᠷᠢᠲᠠᠢ ᠪᠠᠶᠢᠳᠠᠭ᠃       ᠭᠤᠷᠪᠠ᠂ ᠡᠮᠡᠭᠡᠯ ᠤᠨ ᠤᠯᠠᠨ ᠶᠠᠩᠵᠦ ᠭᠡᠯᠪᠡᠷᠢ ᠪᠡ ᠤᠷᠤᠨ ᠨᠤᠳᠤᠭ ᠤᠨ ᠤᠨᠴᠡᠯᠢᠬ     ᠡᠮᠡᠭᠡᠯ ᠤᠨ ᠭᠢᠴᠡ ᠭᠡᠯᠪᠡᠷᠢ ᠨᠢ ᠴᠤ ᠠᠳᠠᠯᠢ ᠪᠤᠰᠤ ᠶᠢᠨ ᠭᠡᠷᠡᠭᠴᠡᠭᠡ ᠪᠡ ᠤᠷᠤᠨ ᠨᠤᠳᠤᠭ ‍ᠤᠨ‌ᠤᠨᠴᠠᠯᠢᠭ ᠲᠤ ᠰᠢᠯᠳᠠᠭᠠᠯᠠᠭᠳᠡᠵᠦ ᠠᠳᠠᠯᠢ ᠪᠤᠰᠤ ᠶᠢᠨ ᠨᠡᠷ᠎ᠡ ᠳᠠᠭᠤᠳᠠᠯᠭ᠎ᠠ ᠲᠠᠢ ᠤᠯᠠᠨ ᠶᠠᠩᠵᠦ ᠭᠡᠯᠪᠡᠷᠢ ᠲᠠᠢ ᠪᠤᠯᠤᠬᠰᠠᠠ ᠪᠠᠶᠢᠳᠠᠭ᠃ ᠭᠡᠷᠡᠭᠴᠡᠭᠡᠨ ᠤ ᠳᠠᠯ᠎ᠠ ᠠᠴᠠ ᠦᠵᠡᠭᠦ ᠳᠤ ᠡᠩ ᠤᠨ ᠡᠮᠡᠭᠡᠯ᠂ ᠠᠪᠠ ᠭᠦᠷᠦᠭᠡᠨ ᠳᠤ ᠳᠤᠬᠤᠬᠤ ᠡᠮᠡᠭᠡᠯ᠂ ᠶᠠᠭᠤᠮ᠎ᠠ ᠠᠴᠢᠬᠤ ᠡᠮᠡᠭᠡᠯ ︵ᠮᠤᠷᠢᠨ ᠵᠢᠩ︶᠂ ᠤᠷᠤᠯᠳᠤᠭᠠᠨ ᠮᠤᠷᠢᠨ ᠤ ᠡᠮᠡᠭᠡᠯ᠂ ᠭᠡᠤᠭᠡᠳ ᠤᠨ ᠡᠮᠡᠭᠡᠯ᠂ ᠪᠦᠰᠡᠭᠦ᠋ᠢᠴᠤᠳ ᠤᠨ ᠡᠮᠡᠭᠡᠯ ᠭᠡᠵᠦ ᠪᠠᠶᠢᠳᠠᠭ᠃ ᠡᠨᠡ ᠨᠢ ᠬᠠᠷᠢᠴᠡᠩᠭᠤᠢ ᠳᠤᠷᠠᠳᠤᠭᠰᠠᠠ ᠳᠡᠳᠦᠢ ᠪᠤᠯᠬᠤ ᠠᠴᠠ ᠪᠢᠰᠢ ᠵᠡᠪᠡᠯ ᠳᠤᠭᠢᠷᠠᠭᠤᠯᠵᠦ ᠡᠳ᠋ᠯᠡᠨ᠎ᠡ ᠭᠡᠰᠡᠡ ᠤᠴᠢᠷ ᠦᠭᠡᠢ᠃ ᠨᠤᠳᠤᠭ ᠤᠷᠤᠨ ᠤ ᠳᠠᠯ᠎ᠠ ᠠᠴᠠ ᠬᠠᠯᠬ᠎ᠠ ᠡᠮᠡᠭᠡᠯ᠂ ᠴᠠᠬᠠᠷ ᠡᠮᠡᠭᠡᠯ᠂ ᠠᠪᠠᠭ᠎ᠠ ᠰᠦᠨᠢᠳ ᠡᠮᠡᠭᠡᠯ᠂ ᠦᠵᠦᠮᠦᠴᠢᠨ ᠡᠮᠡᠭᠡᠯ᠂ ᠬᠤᠷᠴᠢᠨ ᠡᠮᠡᠭᠡᠯ᠂ ᠪᠠᠷᠭᠤ ᠪᠤᠷᠢᠶᠡᠳ ᠡᠮᠡᠭᠡᠯ ᠭᠡᠵᠦ ᠭᠢᠴᠡ᠂ ᠪᠦᠭᠦᠷᠭᠡ ᠶᠢᠨ ᠶᠠᠩᠵᠦ ᠭᠡᠯᠪᠡᠷᠢ ᠨᠢ ᠬᠤᠭᠤᠷᠤ ᠬᠤᠭᠤᠷᠤᠨᠳᠤ ᠪᠠᠨ ᠪᠠᠭ᠎ᠠ ᠢᠯᠭᠠᠭ᠎ᠠ ᠲᠠᠢ᠂ ᠦᠪᠡᠷ ᠦᠪᠡᠷ ᠤᠨ ᠤᠨᠴᠡᠯᠢᠬ ᠲᠠᠢ ᠪᠠᠶᠢᠳᠠᠬ᠃ ᠭᠡᠪᠡᠴᠤ ᠡᠮᠡᠭᠡᠯ ᠤᠨ ᠳᠤᠨᠤᠭᠯᠠᠯ ᠨᠢ ᠦᠨᠳᠦᠰᠦᠨ ᠳᠡᠭᠡᠨ ᠠᠳᠠᠯᠢᠪᠳᠤᠷ ᠪᠠᠶᠢᠵᠦ᠂ ᠠᠰᠢᠬᠯᠠᠬᠰᠠᠠ ᠮᠠᠲ᠋ᠧᠷᠢᠶᠠᠯ ᠨᠢ ᠵᠡᠷᠢᠮ ᠳᠤᠨᠤᠬᠯᠠᠯ ᠳᠡᠭᠡᠷ᠎ᠡ ᠪᠠᠨ ᠠᠳᠠᠯᠢ ᠪᠤᠰᠤ ᠪᠤᠶᠤ ᠢᠯᠡᠭᠦᠦ ᠳᠤᠳᠠᠭᠤ ᠶᠢᠨ ᠵᠦᠷᠢᠶᠡᠨ ᠭᠠᠷᠳᠠᠭ᠃ ᠵᠢᠱᠢᠶᠡᠯᠡᠪᠡᠯ᠄ ᠴᠠᠬᠠᠷ ᠡᠮᠡᠭᠡᠯ ᠨᠢ ᠪᠤᠭᠤᠨᠢᠪᠳᠤᠷ ᠦᠷᠭᠡᠨ ᠪᠦᠭᠦᠷᠭᠡ᠂ ᠠᠭᠤᠵᠢᠮ ᠰᠠᠭᠤᠳᠠᠯ ᠲᠠᠢ᠂ ︽ᠳᠤᠯᠤᠨᠨᠠᠭᠤᠷ ᠡᠮᠡᠭᠡᠯ︾ ︵ᠳᠤᠯᠤᠨ ᠨᠤᠤᠷ ᠰᠢᠶᠡᠨ ᠤ ᠡᠮᠡᠭᠡᠯ ᠤᠨ ᠦᠢᠯᠡᠳᠪᠦᠷᠢ ᠨᠢ ᠴᠢᠩ ᠤᠯᠤᠰ ᠤᠨ ᠦᠶ᠎ᠡ ᠠᠴᠠ ᠨᠡᠷᠡᠳᠡᠢ︶ ᠭᠡᠳᠡᠭ᠃ ᠬᠤᠷᠴᠢᠨ ᠡᠮᠡᠭᠡᠯ ᠨᠢ ᠭᠤᠵᠤᠭᠤᠷ ᠪᠦᠭᠦᠷᠭᠡ᠂ ᠢᠪᠴᠤᠤ ᠰᠠᠭᠤᠳᠠᠯ ᠲᠠᠢ᠃ ᠡᠮᠤᠨ᠎ᠡ ᠪᠦᠭᠦᠷᠭᠡ‌ᠨᠢ ᠨᠠᠷᠢᠨ ᠱᠤᠪᠤᠭᠤᠷ ᠴᠤ ᠬᠤᠶᠢᠳᠤ ᠪᠦᠭᠦᠷᠭᠡ ᠨᠢ ᠠᠭᠤᠵᠢᠮ ᠳᠤᠭᠤᠷᠢᠭ ᠭᠡᠯᠪᠡᠷᠢᠳᠡᠢ᠃ ᠰᠦᠨᠢᠳ ᠡᠮᠡᠭᠡᠯ ᠨᠢ ᠬᠠᠪᠳᠠᠭᠠᠢ ᠳᠦᠷᠪᠡᠯᠵᠢᠨ ᠳᠠᠯᠪᠠᠭᠠᠷ ᠪᠦᠷᠭᠦᠭᠡ ︵ᠡᠷᠭᠢᠭᠦᠦ ᠬᠤᠩᠭᠤ ᠭᠡᠳᠡᠭ︶᠎ ᠲᠠᠢ᠂ ᠰᠠᠭᠤᠳᠠᠯ ᠨᠢ ᠠᠭᠤᠵᠢᠮ᠂ ᠬᠤᠶᠢᠳᠤ ᠪᠦᠭᠦᠷᠭᠡ ᠨᠢ ᠪᠠᠭ᠎ᠠ ᠨᠠᠯᠠᠤ ᠪᠦᠭᠡᠳ ᠮᠠᠳᠠᠷᠠᠬᠰᠠᠠ ᠭᠡᠯᠪᠡᠷᠢᠳᠡᠢ᠃ ᠠᠪᠠᠭ᠎ᠠ ᠠᠪᠠᠭ᠋ᠠᠨᠠᠷ ᠡᠮᠡᠭᠡᠯ ᠨᠢ ᠬᠤᠶᠠᠷ ᠪᠦᠭᠦᠷᠭᠡ ᠨᠢ ᠬᠠᠪᠳᠠᠭᠠᠢ ᠳᠦᠷᠪᠡᠯᠵᠢᠨ ᠪᠤᠰᠤᠭ᠎ᠠ᠂ ᠴᠢᠬᠤᠯ ᠰᠠᠭᠤᠳᠠᠯ ᠲᠠᠢ᠃ ᠬᠠᠯᠳᠦ ᠬᠠᠷᠠᠬᠤ ᠳᠤ ᠬᠤᠶᠠᠷ ᠪᠦᠭᠦᠷᠭᠡ ᠨᠢ ᠠᠳᠠᠯᠢᠪᠳᠤᠷ ᠪᠤᠯᠪᠠᠴᠤ ᠬᠤᠶᠢᠳᠤ ᠪᠦᠭᠦᠷᠭᠡ ᠨᠢ ᠠᠷᠤᠬᠰᠢ ᠪᠠᠨ ᠦᠯᠦ ᠮᠡᠳᠡᠭᠳᠡᠮ᠎ᠡ ᠨᠠᠯᠠᠤ ᠪᠤᠶᠤ ᠪᠤᠭᠤᠨᠢ ᠪᠠᠶᠢᠳᠠᠬ᠃ ᠪᠤᠰᠤᠳ ᠭᠠᠵᠠᠷ ᠤᠨ ᠭᠦᠮᠦᠰ ︽ᠶᠤᠸᠠᠮᠪᠤᠤ ᠡᠮᠡᠭᠡᠯ︾ ᠴᠤ ᠭᠡᠯᠡᠳᠡᠭ᠃ ᠦᠵᠦᠮᠦᠴᠢᠨ ᠬᠠᠭᠤᠴᠢᠳ ᠡᠮᠡᠭᠡᠯ ᠨᠢ ᠡᠮᠤᠨ᠎ᠡ ᠪᠦᠭᠦᠷᠭᠡ ᠨᠢ ᠠᠰ ᠱᠤᠪᠤᠭᠤᠷ᠂ ᠡᠮᠤᠨ᠎ᠡ ᠪᠦᠭᠦᠷᠭᠡ ᠶᠢᠨ ᠮᠠᠩᠨᠠᠢ ᠨᠢ ᠨᠡᠯᠢᠶᠡᠳ ᠭᠦᠳᠦᠭᠦᠷ᠂ ᠰᠠᠭᠤᠳᠠᠯ ᠨᠢ ᠪᠤᠰᠤᠭ᠎ᠠ᠂ ᠬᠤᠶᠢᠳᠤ ᠪᠦᠭᠦᠷᠭᠡ ᠨᠢ ᠠᠷᠤᠬᠰᠢ ᠪᠠᠨ ᠪᠠᠭ᠎ᠠ ᠨᠠᠯᠠᠤ ᠠᠭᠤᠵᠢᠮ ᠳᠤᠭᠤᠷᠢᠬ ᠬᠡᠯᠪᠡᠷᠢᠳᠡᠢ ᠪᠠᠶᠢᠳᠠᠬ᠃
 
ᠢᠷᠡᠯᠲᠡ᠄ ᠪᠤᠭᠤᠲᠦ ᠬᠤᠲᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号