ᠮᠤᠩᠭᠤᠯᠴᠤᠳ ᠤᠨ ᠤᠯᠠᠮᠵᠢᠯᠠᠯᠳᠦ ᠨᠠᠶᠢᠳᠠ ᠶᠢᠨ ᠭᠠᠯ ᠲᠠᠬᠢᠯᠭ᠎ᠠ ᠶᠢᠨ ᠰᠤᠶᠤᠯ
ᠨᠡᠶᠢᠲᠡᠯᠡᠭᠰᠡᠨ ᠴᠠᠭ᠄
2018/4/19
     ᠭᠠᠯ ᠲᠠᠬᠢᠯᠭ᠎ᠠ ᠪᠤᠯ ᠬᠦᠮᠦᠨ ᠲᠦᠷᠦᠯᠬᠢᠳᠡᠨ ᠤ ᠢᠵᠠᠭᠤᠷ ᠰᠢᠳᠦᠯᠭᠡ ᠲᠠᠬᠢᠯᠭ᠎ᠠ ᠶᠢᠨ ᠨᠢᠭᠡ ᠪᠤᠯᠤᠨ᠎ᠠ᠃ ᠲᠡᠤᠬᠡᠨ ᠲᠡᠮᠳᠡᠭᠯᠡᠯ ᠢ ᠦᠨᠳᠦᠰᠦᠯᠡᠪᠡᠯ᠂ ᠮᠤᠩᠭᠤᠯᠴᠦᠳ ᠭᠠᠯ  ᠢ ᠲᠦᠢᠯ ᠤᠨ ᠡᠷᠬᠢᠮ ᠲᠡᠭᠡᠳᠦ ᠷᠢᠳᠢ ᠰᠢᠳᠢ ᠪᠤᠯᠤᠨ ᠠᠷᠢᠭᠤᠨ ᠴᠢᠨᠠᠷ ᠲᠠᠢ᠂ ᠢᠯᠴᠢ ᠪᠠ ᠭᠡᠷᠡᠯ ᠢ ᠠᠪᠴᠢᠷᠠᠭᠴᠢ ᠰᠠᠬᠢᠭᠤᠰᠤ ᠬᠡᠮᠡᠨ ᠰᠢᠳᠦᠨ ᠪᠢᠰᠢᠷᠡᠵᠦ ᠪᠠᠶᠢᠵᠠᠢ᠃ ᠮᠤᠩᠭᠤᠯᠴᠦᠳ ᠭᠠᠯ ᠭᠤᠯᠤᠮᠳᠠ ᠪᠠᠨ ᠠᠶᠢᠯ ᠡᠷᠦᠬᠡ ᠶᠢᠨ ᠰᠦᠷ ᠰᠦᠯᠳᠡ ᠪᠠᠷ ᠦᠵᠡᠳᠡᠭ ᠢᠶᠠᠷ ᠦᠯᠦ ᠪᠠᠷᠠᠮ᠂ ᠡᠷᠦᠬᠡ  ᠶᠢᠨ ᠡᠵᠡᠨ ᠤ ᠦᠷ᠎ᠡ ᠬᠤᠶᠢᠴᠢᠰ ᠢᠶᠠᠨ ︽ᠭᠤᠯᠤᠮᠳᠠ ᠶᠢᠨ ᠡᠵᠡᠨ︾  ᠪᠤᠯᠭᠠᠳᠠᠭ ᠤᠴᠢᠷ ᠠᠴᠠ ᠦᠨᠳᠦᠰᠦ ᠵᠠᠯᠭᠠᠮᠵᠢᠯᠠᠬᠤ ᠦᠷ᠎ᠡ ᠬᠡᠤᠬᠡᠳ ᠦᠭᠡᠢ ᠪᠤᠯ ︽ᠭᠠᠯ ᠭᠤᠯᠤᠮᠳᠠ ᠲᠠᠰᠤᠷᠠᠬᠤ ᠶᠤᠮ ᠪᠠᠶᠢᠨ᠎ᠠ︾ ᠬᠡᠮᠡᠳᠡᠭ᠃ ᠡᠶᠢᠮᠦ ᠠᠴᠠ ᠮᠤᠩᠭᠤᠯᠴᠦᠳ ᠠᠽᠢᠶ᠎ᠠ ᠶᠢᠨ ᠠᠯᠢ ᠴᠤ ᠶᠠᠰᠤᠳᠠᠨ ᠠᠴᠠ ᠤᠨᠴᠠᠭᠠᠢ ᠭᠠᠯ ᠭᠤᠯᠤᠮᠳᠠ ᠪᠠᠨ ᠡᠷᠬᠢᠮᠯᠡᠨ ᠰᠢᠳᠦᠵᠦ ᠲᠠᠬᠢᠭᠰᠠᠭᠠᠷ ᠢᠷᠡᠵᠡᠢ᠃                  ᠮᠤᠩᠭᠤᠯᠴᠤᠳ ᠤᠨ ᠭᠠᠯ ᠲᠠᠬᠢᠯᠭ᠎ᠠ            ᠮᠤᠩᠭᠤᠯᠴᠦᠳ ᠤᠨ ᠭᠠᠯ ᠲᠠᠬᠢᠯᠭ᠎ᠠ ᠶᠢᠨ ᠶᠤᠰᠤᠨ 13 ᠳ᠋ᠤᠭᠠᠷ ᠵᠠᠭᠤᠨ ᠤ ᠦᠶ᠎ᠡ ᠳᠤ ᠪᠤᠢ ᠪᠤᠯᠵᠠᠢ᠃ ᠮᠤᠩᠭᠤᠯᠴᠤᠳ ᠤᠨ ᠭᠠᠯ ᠳᠠᠬᠢᠯᠭ᠎ᠠ ᠪᠤᠯ ᠮᠤᠩᠭᠤᠯ ᠤᠨ ᠢᠵᠠᠭᠤᠷ ᠱᠠᠰᠢᠨ ᠪᠤᠯᠬᠤ ᠪᠦᠭᠡ ᠮᠦᠷᠭᠦᠯ ᠤᠨ ᠲᠡᠭᠷᠢ᠂ ᠭᠠᠵᠠᠷ᠂ ᠭᠠᠯ ᠵᠡᠷᠭᠡ ᠭᠤᠷᠪᠠᠨ ᠭᠤᠤᠯ ᠰᠢᠳᠦᠯᠭᠡ ᠠᠴᠠ ᠡᠭᠦᠰᠴᠦ ᠤᠯᠠᠷᠢᠵᠦ ᠢᠷᠡᠭᠰᠡᠨ ᠡᠷᠳᠡᠨ‌‍ᠤ ᠵᠠᠩ ᠦᠢᠯᠡ ᠶᠢᠨ ᠨᠢᠭᠡ ᠵᠦᠢᠯ ᠤᠨ ᠬᠡᠯᠪᠡᠷᠢ ᠪᠤᠯᠤᠨ᠎ᠠ᠃ ᠡᠷᠳᠡ ᠦᠶ᠎ᠡ ᠳᠤ ᠭᠠᠯ ᠨᠢ ᠬᠦᠮᠦᠰ ᠲᠤ ᠢᠯᠴᠢ ᠬᠦᠷᠭᠡᠵᠦ᠂ ᠬᠤᠭᠤᠯᠠ ᠢᠳᠡᠰᠢ ᠶᠢ ᠨᠢ ᠪᠤᠯᠭᠤᠭᠠᠬᠤ᠂ ᠬᠦᠢᠳᠡᠨ ᠨᠦᠢᠳᠡᠨ ᠠᠴᠠ ᠭᠡᠳᠦᠯᠭᠡᠬᠦ ᠵᠡᠷᠭᠡ ᠠᠮᠢᠳᠤᠷᠠᠯ ᠤᠨ ᠰᠠᠯᠵᠦ ᠪᠤᠯᠤᠰᠢ ᠦᠭᠡᠢ ᠦᠨᠳᠤᠰᠦᠨ ᠬᠡᠷᠡᠭᠴᠡᠭᠡ ᠶᠢ ᠬᠠᠨᠭ᠍ᠭᠠᠳᠠᠬ ᠢᠶᠠᠷ ᠬᠦᠨᠳᠦᠳᠭᠡᠭᠳᠡᠨ ᠰᠢᠳᠦᠭᠳᠡᠵᠦ ᠪᠠᠶᠢᠬᠰᠠᠨ ᠪᠤᠯ᠂ ᠠᠭᠠᠵᠢᠮ ᠳᠠᠭᠠᠨ ᠰᠠᠬᠢᠭᠤᠯᠰᠤᠨᠴᠢᠯᠠᠨ ᠲᠡᠭᠷᠢ ᠠᠴᠠ ᠭᠠᠯ ᠤᠨ ᠬᠠᠭᠠᠨ ᠢᠷᠡᠵᠦ ᠢᠪᠡᠭᠡᠨ ᠲᠡᠳᠭᠦᠵᠦ ᠪᠤᠢ ᠬᠡᠮᠡᠬᠦ ᠤᠶᠤᠨ ᠰᠠᠨᠠᠭᠠᠨ ᠤ ᠬᠦᠴᠦᠨ ᠪᠤᠯᠵᠦ᠂ ︽ᠭᠠᠯᠠᠶᠢᠬᠠᠨ ᠡᠬᠡ︾ ᠪᠤᠶᠤ ︽ᠭᠠᠯᠢᠬᠠᠨ ᠡᠬᠡ︾ ᠬᠡᠬᠦ ᠬᠡᠶᠢᠰᠪᠦᠷᠢ ᠰᠢᠳᠦᠬᠡᠨ ᠪᠤᠯᠵᠦ ᠬᠦᠭᠵᠢᠵᠡᠢ᠃ ᠵᠡᠷᠢᠮ ᠭᠠᠯ ᠤᠨ ᠰᠠᠩ  ᠤᠨ ᠰᠤᠳᠤᠷ ᠲᠤ᠂ ︽ᠴᠠᠭᠠᠳᠠᠢ ᠪᠦᠭᠡ ᠶᠢᠨ ᠴᠠᠬᠢᠭᠰᠠᠨ᠂ ᠴᠡᠩᠭᠡᠨ ᠢᠳᠤᠭᠠᠨ ᠤ ᠦᠯᠢᠶᠡᠭᠰᠡᠨ᠂ ᠲᠤᠷᠭᠠᠨ ᠴᠢᠷᠠᠶᠢᠳᠦ ᠲᠤᠰᠤᠨ ᠠᠮᠢᠳᠦ᠂ ᠦᠷᠭᠡᠨ ᠴᠢᠷᠠᠶᠢᠳᠦ ᠦᠭᠡᠬᠦᠨ ᠠᠮᠢᠳᠦ᠂ ᠭᠠᠯ ᠭᠠᠯᠠᠶᠢᠬᠠᠨ ᠡᠬᠡ ᠳᠡᠭᠡᠨ︾ ᠭᠡᠵᠦ ᠳᠠᠮᠳᠡᠭᠯᠡᠵᠦ ᠪᠠᠶᠢᠳᠠᠭ᠃ ᠪᠦᠭᠡ ᠢᠳᠤᠭᠠᠨ ᠨᠠᠷ ᠤᠨ ᠠᠮᠠ ᠪᠠᠷ ᠤᠯᠠᠮᠵᠢᠯᠠᠳᠠᠭ ᠡᠨᠡᠬᠦ ᠰᠢᠳᠦᠯᠭᠡ ᠨᠢ ᠪᠠᠷᠤᠭ ᠡᠬᠡᠴᠢᠯᠡᠯ ᠤᠨ ᠨᠡᠶᠢᠭᠡᠮ ᠤᠨ ᠦᠶ᠎ᠡ ᠳᠤ ᠪᠤᠢ ᠪᠤᠯᠤᠭᠰᠠᠨ ᠰᠢᠭ᠋ ᠠᠵᠢᠬᠯᠠᠭᠳᠠᠬᠤ ᠪᠦᠭᠡᠳ ᠬᠦᠮᠦᠰ ᠭᠠᠯ ᠤᠨ ᠦᠩᠰᠢᠭ ᠲᠤᠯᠠᠭᠠᠨ ᠢᠯᠴᠢ ᠶᠢ ᠡᠬᠡ ᠶᠢᠨ ᠬᠡᠪᠡᠯᠢ ᠪᠠᠷ ᠵᠦᠢᠷᠯᠡᠨ ︽ᠭᠠᠯ ᠤᠨ ᠬᠠᠭᠠᠨ ᠡᠬᠡ︾᠂ ︽ᠤᠳᠬᠤᠨ ᠭᠠᠯᠠᠶᠢᠬᠠᠨ ᠡᠬᠡ︾ ᠪᠤᠯᠭᠠᠨ ᠰᠢᠳᠦᠭᠰᠡᠨ ᠪᠠᠶᠢᠵᠦ ᠳᠠᠭᠠᠷᠠᠨ᠎ᠠ᠃ ᠡᠶᠢᠮᠦ ᠪᠠᠷ ᠭᠠᠯ ᠤᠨ ᠪᠤᠷᠬᠠᠨ ᠨᠢ ᠡᠮᠡᠭᠳᠡᠢ ᠬᠦᠮᠦᠨ ᠤ ᠪᠦᠷᠢᠯᠸ᠎ᠠ ᠪᠠᠷ ᠬᠦᠷᠦᠭᠯᠡᠭᠳᠡᠨ ᠳᠠᠬᠢᠭᠳᠠᠵᠦ᠂ ᠠᠮᠢ ᠨᠠᠰᠤ᠂ ᠲᠦᠷᠦᠬᠦ ᠡᠰᠡᠨᠢᠬᠦ ᠶᠢᠨ ᠡᠬᠢ ᠡᠬᠦᠰᠦᠯ ᠢᠶᠠᠷ ᠦᠵᠡᠭᠳᠡᠳᠡᠭ᠃ ᠡᠨᠡ ᠪᠤᠯ ᠭᠠᠯ ᠲᠠᠬᠢᠯᠭ᠎ᠠ ᠶᠢᠨ ᠡᠷᠳᠡᠨ ᠤ ᠡᠬᠢ ᠡᠭᠦᠰᠦᠯ ᠪᠤᠯᠤᠨ᠎ᠠ᠃            ᠤᠷᠴᠢᠨ ᠦᠶ᠎ᠡ ᠳᠤ᠂ ᠲᠠᠷᠤᠢ 13 ᠳ᠋ᠤᠭᠠᠷ ᠵᠠᠭᠤᠨ ᠤ ᠮᠤᠩᠭᠤᠯ ᠤᠨ ᠶᠡᠭᠡ ᠨᠢᠭᠡᠳᠦᠯ ᠤᠨ ᠦᠶ᠎ᠡ ᠎ ᠳᠤ ᠪᠤᠭᠳᠠ ᠴᠢᠩᠭᠢᠰ ᠬᠠᠭᠠᠨ ᠮᠤᠩᠭᠤᠯ ᠤᠨ ᠨᠢᠬᠡᠳᠦᠭᠰᠡᠨ ᠲᠦᠷᠦ ᠶᠢ ᠡᠭᠦᠰᠭᠡᠨ ᠴᠤᠭᠴᠠᠯᠠᠵᠦ᠂ ᠮᠤᠩᠭᠤᠯ‌‍ᠤᠨ ᠶᠡᠭᠡ ᠭᠠᠯ ᠭᠤᠯᠤᠮᠳᠠ ᠶᠢ ︽ᠴᠠᠬᠢᠨ︾ ᠲᠦᠷᠡᠯᠵᠡᠭᠦᠯᠦᠭᠰᠡᠨ ᠶᠤᠮ᠂ ᠡᠶᠢᠮᠦ ᠠᠴᠠ ᠮᠤᠩᠭᠤᠯᠴᠤᠳ ‍ᠤᠨ‌ᠡᠯ᠎ᠡ ᠵᠦᠢᠯ ᠤᠨ ︽ ᠭᠠᠯ ᠤᠨ ᠳᠠᠬᠢᠯᠭ᠎ᠠ ᠶᠢᠨ ᠰᠠᠩ︾ ᠎ ᠤᠳ ᠲᠤ ᠤᠯᠠᠩᠬᠢ ᠳᠠᠭᠠᠨ ︽ᠰᠤᠳᠦ ᠪᠤᠭᠳᠠ ᠶᠢᠨ ᠴᠠᠬᠢᠭᠰᠠᠨ᠂ ᠰᠤᠳᠠᠢ ᠬᠠᠳᠤᠨ ᠡᠬᠡ ᠶᠢᠨ ᠦᠯᠢᠶᠡᠭᠰᠡᠨ︾᠂ ︽ᠡᠵᠡᠨ ᠪᠤᠭᠳᠠ ᠶᠢᠨ ᠴᠠᠬᠢᠭᠰᠠᠨ᠂ ᠡᠰᠢ ᠬᠠᠳᠤᠨ ᠤ ᠬᠠᠳᠠᠭᠠᠯᠠᠭᠰᠠᠨ︾  ᠭᠡᠵᠦ ᠭᠠᠷᠳᠠᠭ ᠨᠢ ᠴᠢᠩᠭᠢᠰ ᠬᠠᠭᠠᠨ ᠪᠤᠶᠤ ᠪᠦᠷᠳᠡ ᠬᠠᠳᠤᠨ ᠮᠤᠩᠭᠤᠯ ‍ᠤᠨ‌ᠭᠠᠯ ᠳᠠᠬᠢᠯᠭ᠎ᠠ ᠶᠢᠨ ᠡᠵᠡᠨ ᠪᠤᠯᠤᠭᠰᠠᠨ ᠢ ᠲᠡᠤᠬᠡ ᠶᠤᠰᠤᠭᠠᠷ ᠬᠠᠷᠠᠭᠤᠯᠵᠦ ᠪᠠᠶᠢᠨ᠎ᠠ᠃ ᠲᠡᠭᠡᠷᠡᠬᠢ ᠰᠤᠳᠤᠯᠭᠠᠨ ᠠᠴᠠ ᠨᠡᠭᠦᠳᠡᠯᠴᠢᠳ ᠤᠨ ᠭᠠᠯ ᠲᠠᠬᠢᠯᠭ᠎ᠠ ᠶᠢᠨ ᠡᠭᠦᠰᠦᠯ ᠨᠢ ᠶᠡᠭᠡ ᠡᠷᠳᠡᠨ ᠤ ᠢᠵᠠᠭᠤᠷ ᠰᠢᠳᠦᠯᠭᠡ ᠶᠢᠨ ᠨᠢᠭᠡ ᠪᠠᠶᠢᠵᠦ᠂ ᠪᠦᠬᠡ ᠮᠦᠷᠭᠦᠯ ᠤᠨ ᠰᠢᠳᠦᠯᠭᠡ ᠠᠴᠠ ᠡᠭᠦᠰᠦᠨ ᠬᠦᠭᠵᠢᠵᠦ ᠢᠷᠡᠭᠰᠡᠨ ᠪᠦᠭᠡᠳ ᠤᠷᠴᠢᠨ ᠦᠶ᠎ᠡ ᠳᠤ ᠴᠢᠩᠭᠢᠰ ᠬᠠᠭᠠᠨ ᠮᠤᠩᠭᠤᠯ ᠦᠨᠳᠦᠰᠦᠳᠡᠨ ᠤ ᠭᠠᠯ ᠲᠠᠬᠢᠯᠭ᠎ᠠ ᠶᠢ ᠡᠭᠦᠰᠭᠡᠨ ᠶᠡᠷᠦᠩᠬᠡᠶᠢᠯᠡᠵᠦ᠂ ᠭᠠᠯ ᠲᠠᠬᠢᠯᠭ᠎ᠠ ᠶᠢᠨ ᠶᠤᠰᠤᠨ ᠢ ᠰᠢᠰᠲ᠋ᠧᠮ ᠲᠠᠢ ᠪᠦᠳᠦᠭᠡᠵᠡᠢ ᠭᠡᠳᠡᠭ ᠢ ᠲᠤᠳᠤᠷᠬᠠᠢᠢᠯᠠᠬᠤ ᠶᠤᠮ᠃ ᠡᠶᠢᠮᠦ ᠠᠴᠠ ᠭᠠᠯ ᠲᠠᠬᠢᠯᠭ᠎ᠠ ᠪᠤᠯ ᠮᠤᠩᠭᠤᠯ ᠨᠢ ᠨᠢᠭᠡ ᠦᠨᠳᠦᠰᠦᠳᠡᠨ ᠪᠤᠯᠤᠨ ᠪᠦᠷᠢᠯᠳᠦᠵᠦ ᠬᠦᠭᠵᠢᠭᠰᠡᠨ ᠤ ᠪᠡᠯᠭᠡ ᠲᠡᠮᠳᠡᠭ ᠪᠤᠯᠬᠤ ᠪᠦᠭᠡᠳ ᠮᠤᠩᠭᠤᠯᠴᠦᠳ ᠤᠨ ᠨᠡᠶᠢᠳᠡ ᠶᠢᠨ ᠭᠠᠯ ᠭᠤᠯᠤᠮᠳᠠ ᠶᠢᠨ ᠲᠠᠬᠢᠯᠭ᠎ᠠ ᠡᠭᠦᠰᠦᠭᠰᠡᠨ ᠤ ᠭᠤᠤᠯ ᠰᠢᠯᠳᠠᠭᠠᠨ ᠭᠡᠳᠡᠭ ᠢ ᠲᠤᠰᠬᠠᠬᠤ ᠶᠢᠨ ᠬᠠᠮᠳᠤ᠂ ᠪᠤᠷᠵᠢᠭᠢᠨ ᠤᠪᠤᠭᠳᠠᠳ ᠤᠨ ᠤᠳᠤᠮ ᠤᠭᠰᠠᠭ᠎ᠠ ᠶᠢᠨ ᠬᠤᠪᠢ ᠶᠢᠨ ᠭᠠᠯ ᠲᠠᠬᠢᠯᠭ᠎ᠠ ᠪᠢᠰᠢ ᠭᠡᠳᠡᠭ ᠢ ᠬᠠᠷᠠᠭᠤᠯᠤᠨ᠎ᠠ᠃ ᠡᠨᠡᠬᠦ ᠨᠡᠶᠢᠳᠡ ᠮᠤᠩᠭᠤᠯ ᠤᠨ ᠭᠠᠯ ᠲᠠᠬᠢᠯᠭ᠎ᠠ ᠨᠢ ᠴᠢᠩᠭᠢᠰ ᠬᠠᠭᠠᠨ ᠤ ᠶᠡᠷᠦᠩᠬᠡᠢ ᠲᠠᠬᠢᠯᠭ᠎ᠠ ᠶᠢᠨ ᠴᠢᠬᠤᠯᠠ ᠨᠢᠭᠡᠨ ᠠᠭᠤᠯᠭ᠎ᠠ ᠪᠤᠯᠵᠦ᠂ ᠮᠤᠩᠭᠤᠯᠴᠦᠳ ᠤᠨ ᠵᠢᠯ ᠪᠦᠷᠢ ᠶᠢᠨ ᠯᠡ ᠰᠠᠷ᠎ᠠ ᠶᠢᠨ ᠬᠤᠷᠢᠨ ᠭᠤᠷᠪᠠᠨ ᠤ ᠶᠡᠭᠡ ᠲᠠᠬᠢᠯᠭ᠎ᠠ ᠪᠤᠯᠵᠦ ᠪᠦᠷᠢᠯᠳᠦᠨ ᠬᠦᠭᠵᠢᠭᠰᠡᠨ ᠪᠠᠶᠢᠨ᠎ᠠ᠃      ᠠᠯᠪᠠᠨ ᠤ ᠭᠠᠯ ᠳᠠᠬᠢᠯᠭ᠎ᠠ            ᠮᠤᠩᠭᠤᠯᠴᠤᠳ ᠤᠨ ᠭᠠᠯ ᠳᠠᠬᠢᠯᠭ᠎ᠠ ᠳᠤ ᠠᠶᠢᠯ ᠡᠷᠦᠭᠡ ᠶᠢᠨ ᠳᠠᠬᠢᠯᠭ᠎ᠠ᠂ ᠠᠯᠪᠠᠨ ᠤ ᠳᠠᠬᠢᠯᠭ᠎ᠠ᠂ ᠰᠦᠮ᠎ᠡ ᠬᠡᠶᠢᠳ ᠤᠨ ᠳᠠᠬᠢᠯᠭ᠎ᠠ ᠭᠡᠬᠦ ᠭᠤᠷᠪᠠᠨ ᠵᠦᠢᠯ ᠪᠠᠶᠢᠳᠠᠭ᠃            ᠠᠶᠢᠯ ᠡᠷᠦᠭᠡ ᠶᠢᠨ ᠳᠠᠬᠢᠯᠭ᠎ᠠ ᠶᠢ ᠪᠠᠰᠠ ᠳᠠᠶᠢᠵᠢ ᠨᠠᠷ ᠤᠨ ᠳᠠᠬᠢᠯᠭ᠎ᠠ᠂ ᠬᠠᠷᠠᠴᠦ ᠠᠶᠢᠯ ᠤᠨ ᠳᠠᠬᠢᠯᠭ᠎ᠠ ᠭᠡᠵᠦ ᠬᠤᠶᠠᠷ ᠬᠤᠪᠢᠶᠠᠳᠠᠭ᠃ ᠳᠠᠶᠢᠵᠢ ᠶᠢᠨ ᠭᠠᠯ ᠳᠠᠬᠢᠯᠭ᠎ᠠ ᠭᠡᠳᠡᠭ ᠨᠢ ᠴᠢᠩᠬᠢᠰ ᠤᠨ ᠠᠯᠳᠠᠨ ᠤᠷᠤᠭ ᠤᠨ ᠤᠳᠤᠮ ᠪᠤᠯᠬᠤ ᠪᠤᠷᠵᠢᠬᠢᠨ ᠤᠪᠤᠭᠳᠠᠨ ᠤ ᠠᠶᠢᠯ ᠤᠨ ᠭᠠᠯ ᠳᠠᠬᠢᠯᠭ᠎ᠠ ᠶᠢ ᠵᠢᠭᠠᠵᠦ᠂ ᠬᠠᠷᠠᠴᠤ ᠠᠶᠢᠯ ᠤᠨ ᠳᠠᠬᠢᠯᠭ᠎ᠠ ᠨᠢ ᠪᠤᠷᠵᠢᠬᠢᠨ ᠤᠪᠤᠭᠳᠠᠨ ᠠᠴᠠ ᠪᠤᠰᠤᠳ ᠮᠤᠩᠭᠤᠯ ᠤᠨ ᠡᠯ᠎ᠡ ᠤᠪᠤᠭ ᠤᠨ ᠠᠶᠢᠯ ᠡᠷᠦᠭᠡ  ᠶᠢᠨ ᠳᠠᠬᠢᠯᠭ᠎ᠠ ᠶᠢ ᠬᠡᠯᠡᠵᠦ ᠪᠤᠢ᠃            ᠠᠯᠪᠠᠨ ᠤ ᠳᠠᠬᠢᠯᠭ᠎ᠠ ᠭᠡᠳᠡᠭ ᠨᠢ ᠭᠠᠯ ᠳᠠᠬᠢᠬᠤ ᠪᠦᠬᠦ᠋ᠢᠯᠡ ᠦᠢᠯᠡ ᠶᠢ ᠲᠦᠷᠦ ᠠᠴᠠ ᠪᠡᠯᠡᠳᠭᠡᠵᠦ ᠳᠠᠬᠢᠳᠠᠭ ᠳᠠᠬᠢᠯᠭ᠎ᠠ ᠶᠢ ᠬᠡᠯᠡᠳᠡᠭ᠃ ᠪᠠᠰᠠ ᠲᠦᠷᠦ ᠶᠢᠨ ᠭᠠᠯ ᠳᠠᠬᠢᠯᠭ᠎ᠠ ᠴᠦ ᠭᠡᠳᠡᠭ᠃ ᠮᠤᠩᠭᠤᠯ ᠬᠠᠭᠠᠨᠳᠤ ᠤᠯᠤᠰ ᠤᠨ ᠦᠶ᠎ᠡ ᠳᠤ ᠳᠤᠭᠳᠠᠭᠠᠵᠦ ᠬᠡᠳᠦᠨ ᠵᠠᠭᠤᠨ ᠤᠨ ᠢᠶᠠᠷ ᠤᠯᠠᠮᠵᠢᠯᠠᠵᠦ ᠢᠷᠡᠭᠰᠡᠨ ᠴᠢᠩᠬᠢᠰ ᠤᠨ ᠨᠠᠢᠮᠠᠨ ᠴᠠᠭᠠᠨ ᠤᠷᠳᠤᠨ ᠤ ᠭᠤᠯᠤᠮᠳᠠ ᠶᠢᠨ ᠳᠠᠬᠢᠯᠭ᠎ᠠ ᠨᠢ ᠪᠦᠭᠡ ᠪᠡᠯᠬᠦᠳᠡᠢ᠂ ᠬᠠᠪᠤᠳᠤ ᠬᠠᠰᠠᠷ᠂ ᠦᠭᠡᠳᠡᠢ᠂ ᠳᠤᠯᠤᠢ᠂ ᠡᠰᠢ ᠬᠠᠳᠤᠨ ᠤ ᠭᠤᠯᠤᠮᠳᠠ ᠶᠢᠨ ᠳᠠᠬᠢᠯᠭ᠎ᠠ ᠵᠡᠷᠭᠡ ᠪᠠᠭᠳᠠᠨ᠎ᠠ᠃ ᠳᠠᠬᠢᠯᠭ᠎ᠠ ᠳᠠᠪᠢᠭ ᠤᠨ ᠬᠢᠨᠢ ᠶᠤᠰᠤ ᠶᠢ ᠬᠠᠭᠠᠨ ᠤ ᠵᠠᠷᠯᠢᠭ ᠢᠶᠠᠷ ᠳᠤᠭᠳᠠᠭᠠᠵᠦ᠂ ᠳᠠᠬᠢᠯᠭ᠎ᠠ ᠳᠤ ᠤᠩᠰᠢᠬᠤ ᠦᠴᠢᠭ ᠢᠷᠦᠭᠡᠯ ᠨᠢ ᠴᠦ ᠳᠤᠰ ᠳᠤᠰ ︽ᠠᠯᠳᠠᠨ ᠤᠷᠳᠤᠨ ᠤ ᠭᠤᠯᠤᠮᠳᠠ ᠶᠢᠨ ᠦᠴᠢᠭ︾᠂ ︽ᠡᠰᠢ ᠬᠠᠳᠤᠨ ᠤ ᠭᠤᠯᠤᠮᠳᠠ ᠶᠢᠨ ᠦᠴᠢᠭ︾᠂ ︽ᠪᠦᠭᠡ ᠪᠡᠯᠬᠦᠳᠡᠢ ᠶᠢᠨ ᠭᠤᠯᠤᠮᠳᠠ ᠶᠢᠨ ᠦᠴᠢᠭ︾ ᠭᠡᠬᠦ ᠮᠡᠳᠦ ᠶᠢᠨ ᠰᠤᠳᠤᠷ ᠪᠢᠴᠢᠭ‌‍ᠲ᠋ᠠᠢ ᠪᠦᠭᠡᠳ ︽ᠭᠤᠯᠤᠮᠳᠠ ᠳᠦᠭᠡᠨᠡᠬᠦ ᠳᠠᠷᠤᠮᠵᠢ ︵ᠳᠡᠰ ᠳᠠᠷᠠᠭ᠎ᠠ︶︾ ᠭᠡᠬᠦ ᠰᠤᠳᠤᠷ ᠲᠠᠢ᠂ ᠪᠠᠰᠠ ᠳᠠᠬᠢᠯᠭ᠎ᠠ ᠳᠠᠪᠢᠭ ᠦᠢᠯᠡᠳᠦᠭᠴᠢ ᠳᠤᠰᠬᠠᠢ ᠠᠯᠪᠠᠳᠤ ᠲᠠᠢ ᠪᠠᠶᠢᠵᠠᠢ᠃ ᠴᠢᠩᠬᠢᠰ᠂ ᠪᠡᠯᠬᠦᠳᠡᠢ᠂ ᠦᠭᠡᠳᠡᠢ᠂ ᠳᠤᠯᠤᠢ ᠨᠠᠷ ᠤᠨ ᠭᠠᠯ ᠭᠤᠯᠤᠮᠳᠠ ᠶᠢᠨ ᠳᠠᠬᠢᠯᠭ᠎ᠠ ᠨᠢ ᠮᠤᠩᠭᠤᠯ ᠲᠦᠷᠦ ᠠᠴᠠ ᠳᠤᠭᠳᠠᠭᠠᠭᠰᠠᠨ ᠨᠡᠶᠢᠳᠡ ᠮᠤᠩᠭᠤᠯ ᠤᠨ ᠳᠠᠬᠢᠯᠭ᠎ᠠ ᠳᠤᠯᠠ ᠮᠤᠩᠭᠤᠯ ᠰᠤᠷᠪᠤᠯᠵᠢ ᠪᠢᠴᠢᠭ ᠲᠤ ︽ᠶᠡᠷᠦᠩᠭᠡᠢ ᠶᠢᠨ ᠰᠢᠳᠦᠭᠡᠨ︾ ᠭᠡᠵᠦ ᠤᠨᠤᠭᠠᠵᠦ ᠨᠡᠷᠡᠶᠢᠳᠴᠠᠢ᠃ ᠳᠡᠶᠢᠮᠦ ᠠᠴᠠ ᠭᠠᠭᠴᠠ ᠠᠯᠳᠠᠨ ᠤᠷᠤᠭᠳᠠᠨ ᠤ ᠳᠠᠬᠢᠯᠭ᠎ᠠ ᠭᠡᠵᠦ ᠠᠳᠡᠬᠦᠦ ᠤᠶᠢᠯᠠᠭᠠᠵᠦ ᠦᠯᠦ ᠪᠤᠯᠤᠨ᠎ᠠ᠃ ᠴᠢᠩ ᠤᠯᠤᠰ ᠤᠨ ᠦᠶ᠎ᠡ ᠠᠴᠠ ᠠᠪᠤᠭᠠᠳ ᠳᠤᠰ ᠵᠠᠭᠤᠨ ᠤ ᠳᠠᠪᠢᠭᠠᠳ ᠤᠨ ᠪᠤᠯᠳᠠᠯ᠎ᠠ ᠶᠡᠭᠡ ᠵᠤᠤ᠂ ᠰᠢᠯᠢ ᠶᠢᠨ ᠭᠤᠤᠯ᠂ ᠤᠯᠠᠭᠠᠨᠴᠠᠪ ᠤᠨ ᠤᠯᠠᠨ ᠬᠤᠰᠢᠭᠤᠳ ᠪᠦᠷ ︽ᠬᠤᠰᠢᠭᠤ ᠶᠠᠮᠤᠨ ᠤ ᠭᠠᠯ ᠳᠠᠬᠢᠵᠦ︾ ᠪᠠᠶᠢᠭᠰᠠᠨ ᠪᠦᠭᠡᠳ ᠬᠦᠭᠡᠴᠢ᠂ ᠵᠤᠯᠠᠴᠢ᠂ ᠵᠠᠳᠴᠢᠨ ᠭᠠᠯᠴᠢ ᠮᠡᠳᠦ ᠶᠢᠨ ᠴᠤᠯᠠ ᠲᠠᠢ ᠶᠠᠮᠤᠨ ᠤ ᠭᠠᠯ ᠳᠠᠬᠢᠳᠠᠭ ᠳᠤᠰᠬᠠᠢ ᠠᠵᠢᠯ ᠳᠤᠰᠢᠶᠠᠯᠳᠠᠨ ᠢᠶᠠᠷ ᠭᠠᠯ ᠳᠠᠬᠢᠭᠤᠯᠵᠦ ᠪᠠᠶᠢᠵᠠᠢ᠃          ᠰᠦᠮ᠎ᠡ ᠬᠡᠶᠢᠳ ᠤᠨ ᠳᠠᠬᠢᠯᠭ᠎ᠠ ᠭᠡᠳᠡᠭ ᠨᠢ ᠯᠠᠮᠠ ᠨᠠᠷ ᠳᠤᠭᠠᠩ ᠷᠠᠰᠠᠩ ᠳᠠᠭᠠᠨ ᠬᠤᠷᠠᠯ ᠬᠤᠷᠠᠵᠦ ᠳᠠᠬᠢᠳᠠᠭ ᠭᠠᠯ ᠤᠨ ᠳᠠᠬᠢᠯᠭ᠎ᠠ᠃ ᠲᠦᠪᠡᠳ ᠤᠨ ᠰᠦᠮ᠎ᠡ ᠬᠡᠶᠢᠳ ᠲᠤ ᠭᠠᠯ ᠳᠠᠬᠢᠳᠠᠭ ᠵᠠᠩᠰᠢᠯ ᠦᠭᠡᠢ᠂ ᠬᠠᠷᠢᠨ ᠮᠤᠩᠭᠤᠯ ᠰᠦᠮ᠎ᠡ ᠬᠡᠶᠢᠳ ᠲᠤ ᠭᠠᠯ ᠳᠠᠬᠢᠳᠠᠭ᠃            ᠡᠭᠦᠨ ᠠᠴᠠ ᠪᠢᠳᠡ ᠲᠡᠤᠬᠡᠨ ᠠᠴᠠ ᠠᠪᠤᠭᠠᠳ ᠮᠤᠩᠭᠤᠯᠴᠦᠳ ᠪᠤᠯ ᠨᠡᠶᠢᠳᠡ ᠶᠢᠨ ᠭᠠᠯ ᠲᠠᠬᠢᠯᠭ᠎ᠠ ᠲᠠᠢ ᠪᠠᠶᠢᠭᠰᠠᠨ ᠭᠡᠳᠡᠭ ᠢ ᠨᠤᠳᠠᠯᠠᠵᠦ ᠪᠤᠯᠬᠤ ᠪᠦᠭᠡᠳ ᠲᠦᠷᠦ ᠠᠴᠠ ᠲᠤᠭᠳᠠᠭᠠᠵᠦ ᠤᠯᠠᠨ ᠨᠡᠶᠢᠳᠡ ᠪᠠᠷ ᠢᠶᠠᠨ ᠦᠨᠳᠦᠰᠦᠳᠡᠨ ᠤ ᠭᠠᠯ ᠭᠤᠯᠤᠮᠳᠠ ᠪᠠᠨ ᠲᠠᠬᠢᠳᠠᠭ ᠢ ᠮᠡᠳᠡᠵᠦ ᠪᠤᠯᠤᠨ᠎ᠠ᠃                  ᠦᠵᠦᠮᠦᠴᠢᠨ ᠤ ᠤᠯᠠᠮᠵᠢᠯᠠᠯᠳᠤ ᠨᠡᠶᠢᠳᠡ ᠶᠢᠨ ᠭᠠᠯ ᠲᠠᠬᠢᠯᠭ᠎ᠠ            ᠦᠵᠦᠮᠦᠴᠢᠨ ᠳᠤ ᠨᠡᠶᠢᠳᠡ ᠶᠢᠨ ᠭᠠᠯ ᠲᠠᠬᠢᠯᠭ᠎ᠠ ᠶᠢᠨ ᠤᠯᠠᠮᠵᠢᠯᠠᠯᠳᠦ ᠵᠠᠩ ᠦᠢᠯᠡ ᠪᠠᠶᠢᠭᠰᠠᠨ ᠤᠤ᠂ ᠦᠭᠡᠢ ᠤᠤ︖ ᠭᠡᠪᠡᠯ᠂ ᠪᠠᠶᠢᠭᠰᠠᠨ ᠨᠢ ᠲᠡᠤᠬᠡ ᠶᠢᠨ ᠲᠤᠲᠤᠷᠬᠠᠢ ᠤᠴᠢᠷ ᠶᠠᠪᠤᠳᠠᠯ ᠪᠤᠯᠬᠤ ᠪᠦᠭᠡᠳ ᠮᠠᠷᠭᠤᠰᠢ ᠦᠭᠡᠢ ᠶᠤᠮ᠃ ᠲᠡᠭᠡᠷᠡᠬᠢ ᠲᠡᠤᠬᠡᠨ ᠡᠰᠢ ᠪᠠᠷᠢᠮᠳᠠ ᠠᠴᠠ ᠦᠵᠡᠬᠦ ᠳᠤ᠂ ᠮᠤᠩᠭᠤᠯᠴᠦᠳ ᠠᠯᠢ ᠡᠷᠳᠡ ᠠᠴᠠ ᠨᠡᠶᠢᠳᠡ ᠶᠢᠨ ᠭᠠᠯ ᠲᠠᠬᠢᠯᠭ᠎ᠠ ᠲᠠᠢ ᠪᠠᠶᠢᠭᠰᠠᠨ ᠪᠦᠭᠡᠳ ᠴᠢᠩᠭᠢᠰ ᠬᠠᠭᠠᠨ ᠮᠤᠩᠭᠤᠯ ᠦᠨᠳᠦᠰᠦᠳᠡᠨ ᠤ ᠨᠡᠶᠢᠳᠡ ᠶᠢᠨ ᠭᠠᠯ ᠲᠠᠬᠢᠯᠭ᠎ᠠ ᠶᠢᠨ ᠶᠤᠰᠤᠨ ᠢ ᠪᠤᠢ ᠪᠤᠯᠭᠠᠵᠦ᠂ ᠦᠭᠡᠳᠡᠢ ᠬᠤᠪᠢᠯᠠᠢ ᠬᠠᠭᠠᠨ ᠤ ᠦᠶ᠎ᠡ ᠳᠤ ᠲᠡᠭᠦᠯᠳᠡᠷᠵᠢᠭᠦᠯᠦᠭᠰᠡᠨ ᠮᠦᠷᠳᠡᠭᠡᠨ ᠴᠢᠩ ᠤᠯᠤᠰ ᠤᠨ ᠦᠶ᠎ᠡ᠂ ᠲᠤᠮᠳᠠᠳᠤ ᠢᠷᠭᠡᠨ ᠤᠯᠤᠰ ᠤᠨ ᠦᠶ᠎ᠡ ᠳᠤ ᠬᠦᠷᠳᠡᠯ᠎ᠡ ᠬᠠᠳᠠᠭᠠᠯᠠᠨ ᠤᠯᠠᠮᠵᠢᠯᠠᠭᠰᠠᠨ ᠪᠠᠶᠢᠨ᠎ᠠ᠃ ᠦᠵᠦᠮᠦᠴᠢᠨ ᠮᠤᠩᠭᠤᠯᠴᠤᠳ ᠨᠢ ᠲᠤᠯᠤᠢ ᠡᠵᠡᠨ ᠤ ᠦᠷ᠎ᠡ ᠬᠤᠶᠢᠴᠢᠰ ᠪᠤᠶᠤ ᠠᠯᠪᠠᠳᠤ ᠬᠠᠷᠢᠶᠠᠳᠤ ᠠᠷᠠᠳ ᠪᠤᠯᠤᠭᠰᠠᠨ ᠤ ᠬᠤᠪᠢ ᠳᠤ᠂ ᠴᠢᠩᠭᠢᠰ ᠬᠠᠭᠠᠨ ᠤ ᠨᠡᠶᠢᠳᠡ ᠶᠢᠨ ᠭᠠᠯ ᠲᠠᠬᠢᠯᠭ᠎ᠠ ᠶᠢ ᠤᠯᠠᠮᠵᠢᠯᠠᠭᠰᠠᠭᠠᠷ ᠢᠷᠡᠭᠰᠡᠨ ᠨᠢ ᠲᠡᠤᠬᠡ ᠦᠨᠡᠨ ᠤᠴᠢᠷ ᠶᠠᠪᠤᠳᠠᠯ ᠭᠡᠳᠡᠭ ᠢ ᠤᠯᠠᠨ ᠲᠠᠯ᠎ᠠ ᠪᠠᠷ ᠭᠡᠷᠡᠴᠢᠯᠡᠵᠦ  ᠪᠠᠶᠢᠳᠠᠭ᠃            ᠲᠡᠭᠢᠪᠡᠯ᠂ ᠦᠵᠦᠮᠦᠴᠢᠨ ᠮᠤᠩᠭᠤᠯᠴᠦᠳ ᠲᠤ ︽ᠤᠷᠳᠤᠨ ᠰᠦᠯᠳᠡ︾᠂ ︽ᠶᠠᠮᠤᠨ ᠰᠦᠯᠳᠡ︾᠂ ︽ ᠬᠦᠳᠡᠭᠡ ᠰᠦᠯᠳᠡ︾ ᠭᠡᠬᠦ ᠲᠠᠬᠢᠯᠭ᠎ᠠ ᠶᠢᠨ ᠭᠤᠷᠪᠠᠨ ᠰᠢᠳᠦᠭᠡᠨ ᠲᠠᠢ ᠪᠠᠶᠢᠭᠰᠠᠨ ᠢ ᠪᠠᠷᠠᠭᠤᠨ ᠦᠵᠦᠮᠦᠴᠢᠨ ᠬᠤᠰᠢᠭᠤᠨ ᠤ ᠸᠠᠩ ᠨᠤᠶᠠᠨ ᠤ ᠤᠭᠰᠠᠭ᠎ᠠ ᠪᠤᠯᠬᠤ ᠪᠤᠷᠵᠢᠭᠢᠨ ᠨᠠ᠊ · ᠲᠠᠮᠷᠢᠨᠵᠠᠪ ᠤᠨ ︽ᠤᠤᠯ ᠤᠨ ᠪᠠᠷᠠᠭᠤᠨ  ᠦᠵᠦᠮᠦᠴᠢᠨ ᠬᠤᠰᠢᠭᠤᠨ ᠤ ᠰᠦᠯᠳᠡ ᠲᠠᠬᠢᠬᠤ ᠲᠤᠬᠠᠢ︾᠂ ᠵᠡᠭᠦᠨ ᠦᠵᠦᠮᠦᠴᠢᠨ ᠬᠤᠰᠢᠭᠤᠨ ᠤ ᠸᠠᠩ ᠤᠨ ᠲᠦᠷᠦᠯ ᠪᠤᠯᠬᠤ ᠪᠤᠷᠵᠢᠭᠢᠨ ᠸ᠊ · ᠨᠠᠮᠵᠢᠯᠰᠦ᠋ᠷᠦᠩ  ᠤᠨ ︽ᠦᠵᠦᠮᠦᠴᠢᠨ ᠪᠠᠶᠢᠯᠡ ᠶᠢᠨ ᠬᠤᠰᠢᠭᠤᠨ ᠤ ᠰᠦᠯᠳᠡ ᠲᠠᠬᠢᠯᠭ᠎ᠠ︾ ᠭᠡᠬᠦ ᠦᠭᠦᠯᠡᠯ ᠤᠳ ᠨᠠᠷᠢᠨ ᠭᠡᠷᠡᠴᠢᠯᠡᠨ ᠲᠤᠲᠤᠷᠬᠠᠶᠢᠯᠠᠭᠰᠠᠨ ᠪᠠᠶᠢᠳᠠᠭ᠃ ᠡᠳᠡᠭᠡᠷ ᠰᠢᠳᠦᠭᠡᠨ ᠲᠠᠬᠢᠯᠭ᠎ᠠ ᠨᠢ ᠵᠢᠯ ᠪᠦᠷᠢ ᠶᠢᠨ ᠯᠠ ᠰᠠᠷ᠎ᠠ ᠶᠢᠨ ᠬᠤᠷᠢᠨ ᠭᠤᠷᠪᠠᠨ ᠤ ᠡᠳᠦᠷ ᠶᠠᠪᠤᠭᠳᠠᠳᠠᠭ ᠵᠤᠷᠰᠢᠯ ᠲᠠᠢ ᠶᠤᠮ᠃ ᠡᠭᠦᠨ ᠳᠤ ᠦᠵᠦᠮᠦᠴᠢᠨ ᠤ ︽ᠬᠦᠳᠡᠭᠡ ᠰᠦᠯᠳᠡ︾ ᠪᠤᠯ ᠴᠢᠩᠭᠢᠰ ᠬᠠᠭᠠᠨ ᠤ ᠲᠠᠬᠢᠯᠭ᠎ᠠ ᠪᠤᠯᠬᠤᠷ ︽ᠰᠦᠯᠳᠡ  ᠎ ᠶᠢᠨ ᠵᠠᠩᠬᠢ︾ ᠭᠡᠬᠦ ᠲᠤᠰᠢᠶᠠᠯ ᠲᠠᠢ ᠬᠦᠮᠦᠨ ᠠᠯᠢᠪᠠ ᠲᠠᠬᠢᠯᠭ᠎ᠠ ᠶᠢᠨ ᠵᠠᠩ ᠦᠢᠯᠡ ᠶᠢ ᠡᠷᠬᠢᠯᠡᠨ ᠬᠢᠳᠡᠭ ᠢᠶᠠᠷ  ᠬᠤᠰᠢᠭᠤ ᠲᠠᠶᠠᠭᠠᠷ ᠸᠠᠩ ᠨᠤᠶᠠᠨ ᠲᠡᠷᠢᠭᠦᠯᠡᠨ ᠵᠡᠷᠭᠡ ᠵᠢᠩᠰᠡᠳᠡᠳ᠂ ᠬᠠᠷᠠᠴᠤ ᠠᠷᠠᠳ ᠤᠳ ᠤᠯᠠᠨ ᠨᠡᠶᠢᠳᠡ ᠪᠠᠷ  ᠤᠷᠤᠯᠴᠠᠭᠰᠠᠨ ᠬᠠᠮᠳᠤ ᠶᠢᠨ ᠰᠦᠯᠳᠡ ᠲᠠᠬᠢᠯᠭ᠎ᠠ ᠪᠤᠯᠤᠨ ᠭᠠᠯ ᠲᠠᠬᠢᠯᠭ᠎ᠠ ᠶᠢ ᠡᠷᠬᠢᠯᠡᠵᠦ ᠪᠠᠶᠢᠵᠠᠢ᠃ ᠡᠨᠡ ᠪᠦᠬᠦᠨ ᠢ ᠤᠳᠤ ᠶᠢᠨ ᠪᠠᠷᠠᠭᠤᠨ ᠦᠵᠦᠮᠦᠴᠢᠨ ᠬᠤᠰᠢᠭᠤᠨ ᠤ ᠬᠦᠳᠡᠭᠡ ᠰᠦᠯᠳᠡ ᠶᠢᠨ ᠭᠠᠯ ᠲᠠᠬᠢᠯᠭ᠎ᠠ ᠶᠢ ᠤᠯᠠᠮᠵᠢᠯᠠᠨ ᠰᠡᠷᠭᠦᠭᠡᠭᠰᠡᠨ ᠦᠢᠯᠡ ᠶᠠᠪᠤᠳᠠᠯ ᠭᠡᠷᠡᠴᠢᠯᠡᠵᠦ ᠪᠤᠢ᠃ ᠡᠭᠦᠨ ᠠᠴᠠ ᠦᠵᠦᠮᠦᠴᠢᠨ ᠤ ᠤᠯᠠᠨ ᠨᠡᠶᠢᠳᠡ ᠶᠢᠨ ᠭᠠᠯ ᠲᠠᠬᠢᠯᠭ᠎ᠠ ᠪᠤᠯ ᠴᠢᠩᠭᠢᠰ ᠬᠠᠭᠠᠨ ᠤ ᠭᠠᠯ ᠭᠤᠯᠤᠮᠳᠠ ᠶᠢᠨ ᠲᠠᠬᠢᠯᠭ᠎ᠠ ᠪᠤᠯᠬᠤ ᠬᠦᠳᠡᠭᠡ ᠰᠦᠯᠳᠡ ᠶᠢᠨ ᠭᠠᠯ ᠲᠠᠬᠢᠯᠭ᠎ᠠ ᠮᠦᠨ ᠪᠤᠯᠬᠤ ᠶᠢ ᠬᠠᠷᠠᠭᠤᠯᠤᠨ᠎ᠠ᠃ ᠵᠡᠭᠦᠨ ᠦᠵᠦᠮᠦᠴᠢᠨ ᠤ ᠭᠠᠯ ᠲᠠᠬᠢᠯᠭ᠎ᠠ ᠪᠤᠯ ᠮᠦᠨ ᠬᠦᠳᠡᠭᠡ ᠰᠦᠯᠳᠡ ᠶᠢᠨ ᠭᠠᠯ ᠲᠠᠬᠢᠯᠭ᠎ᠠ᠂ ᠲᠠᠷᠦᠢ ᠮᠤᠩᠭᠤᠯᠴᠦᠳ ᠤᠨ ᠨᠡᠶᠢᠳᠡ ᠶᠢᠨ ᠭᠠᠯ ᠲᠠᠬᠢᠯᠭ᠎ᠠ ᠪᠤᠯᠬᠤ ᠶᠢ ᠮᠦᠷᠳᠡᠨ ᠰᠡᠷᠭᠦᠭᠡᠭᠰᠡᠨ ᠶᠤᠮ᠃ ᠤᠳᠤ ᠶᠢᠨ ᠬᠡᠷᠡᠭᠯᠡᠵᠦ ᠪᠠᠶᠢᠭ᠎ᠠ ︽ᠭᠠᠯ ᠤᠨ ᠲᠠᠬᠢᠯᠭ᠎ᠠ ᠶᠢᠨ ᠰᠠᠩ︾ ᠪᠤᠯ ᠮᠤᠩᠭᠤᠯ ᠨᠡᠶᠢᠳᠡ ᠎ ᠶᠢᠨ ᠭᠠᠯ ᠲᠠᠬᠢᠯᠭ᠎ᠠ ᠶᠢᠨ ᠰᠠᠩ ᠪᠤᠯᠬᠤ ᠶᠤᠮ᠃ ᠭᠠᠯ ᠲᠠᠬᠢᠯᠭ᠎ᠠ ᠶᠢᠨ ᠰᠠᠩ ᠳᠤ᠄ ︽ᠰᠤᠳᠤ ᠪᠤᠭᠳᠠ ᠶᠢᠨ ᠴᠠᠬᠢᠭᠰᠠᠨ᠂ ᠰᠤᠳᠠᠢ ᠬᠠᠳᠤᠨ ᠡᠬᠡ ᠶᠢᠨ ᠦᠯᠢᠶᠡᠭᠰᠡᠨ︾᠂ ︽ᠡᠵᠡᠨ ᠪᠤᠭᠳᠠ ᠶᠢᠨ ᠴᠠᠬᠢᠭᠰᠠᠨ᠂ ᠡᠰᠢ ᠬᠠᠳᠤᠨ ᠤ ᠬᠠᠳᠠᠭᠠᠯᠠᠭᠰᠠᠨ︾ ᠭᠡᠵᠦ ᠭᠠᠷᠳᠠᠭ ᠨᠢ ᠴᠢᠩᠭᠢᠰ ᠬᠠᠭᠠᠨ ᠤ ᠮᠤᠩᠭᠤᠯ ᠤᠨ ᠨᠡᠶᠢᠳᠡ ᠶᠢᠨ ᠭᠠᠯ ᠲᠠᠬᠢᠯᠭ᠎ᠠ ᠪᠠᠶᠢᠵᠦ᠂ ᠴᠢᠩᠭᠢᠰ ᠬᠠᠭᠠᠨ ᠪᠤᠶᠤ ᠪᠦᠷᠳᠡ ᠬᠠᠳᠤᠨ ᠪᠤᠯ ᠮᠤᠩᠭᠤᠯ ᠤᠨ ᠭᠠᠯ ᠲᠠᠬᠢᠯᠭ᠎ᠠ ᠶᠢᠨ ᠡᠵᠡᠨ ᠪᠤᠶᠤ ᠰᠢᠳᠦᠭᠡᠨ ᠪᠤᠯᠤᠭᠰᠠᠨ ᠨᠢ ᠲᠤᠲᠤᠷᠬᠠᠢ ᠪᠠᠶᠢᠨ᠎ᠠ᠃            ᠰᠦᠯᠳᠡ ᠶᠢᠨ ᠲᠠᠬᠢᠯᠭ᠎ᠠ ᠪᠠ ᠭᠠᠯ ᠲᠠᠬᠢᠯᠭ᠎ᠠ ᠨᠢ ᠶᠠᠮᠠᠷ ᠬᠠᠷᠢᠴᠠᠭ᠎ᠠ ᠲᠠᠢ ᠪᠤᠢ︖ ᠭᠡᠪᠡᠯ᠂ ᠡᠵᠡᠨ ᠰᠦᠯᠳᠡ ᠪᠤᠯᠤᠨ ᠲᠡᠭᠦᠨ ᠤ ᠴᠤᠭᠴᠠᠯᠠᠭᠰᠠᠨ ᠮᠤᠩᠭᠤᠯ ᠤᠭᠰᠠᠭᠠᠳᠠᠨ ᠤ ᠭᠠᠯ ᠭᠤᠯᠤᠮᠳᠠ ᠶᠢᠨ ᠨᠢᠭᠳᠠ ᠬᠠᠷᠢᠴᠠᠭ᠎ᠠ᠂ ᠲᠠᠷᠤᠢ ᠰᠦᠯᠳᠡ ᠪᠤᠯᠤᠨ ᠭᠠᠯ ᠭᠤᠯᠤᠮᠳᠠ ᠶᠢᠨ ᠬᠠᠷᠢᠴᠠᠭ᠎ᠠ ᠪᠤᠯᠬᠤ ᠶᠤᠮ᠃ ᠭᠠᠯ ᠭᠠᠯᠢᠬᠠᠨ ᠡᠬᠡ ᠲᠡᠭᠷᠢ ᠪᠤᠯ ᠪᠦᠬᠡ ᠮᠦᠷᠭᠦᠯ ᠤᠨ ᠶᠡᠷᠡ ᠶᠢᠰᠦᠨ ᠲᠡᠭᠷᠢ ᠶᠢᠨ ᠨᠢᠭᠡ ᠪᠤᠯᠬᠤ ᠪᠦᠭᠡᠳ ᠭᠠᠯ ᠤᠨ ᠡᠵᠡᠨ ᠲᠡᠭᠷᠢ ᠪᠤᠯᠬᠤ ᠶᠤᠮ᠃ ︽ᠴᠢᠩᠭᠢᠰ ᠬᠠᠭᠠᠨ ᠤ ᠶᠢᠰᠦᠨ ᠭᠦᠭᠦᠯᠳᠦ ᠴᠠᠭᠠᠨ ᠲᠤᠭ ᠢ ᠡᠨᠡ ᠲᠡᠭᠷᠢ ᠵᠠᠶᠠᠭᠠᠭᠰᠠᠨ ᠭᠡᠳᠡᠭ︾ ᠭᠡᠵᠦ ᠯ᠊ · ᠬᠤᠷᠴᠠᠪᠠᠭᠠᠳᠤᠷ ᠭᠤᠸᠠᠢ ︽ᠬᠠᠳᠠᠬᠢᠨ ᠠᠷᠪᠠᠨ ᠭᠤᠷᠪᠠᠨ ᠠᠳᠠᠭ᠎ᠠ ᠲᠡᠭᠷᠢ ᠶᠢᠨ ᠲᠠᠬᠢᠯᠭ᠎ᠠ︾ ᠬᠡᠬᠦ ᠨᠤᠮ ᠳᠠᠭᠠᠨ ᠲᠡᠮᠳᠡᠭᠯᠡᠵᠡᠢ᠃ ᠡᠭᠦᠨ ᠢᠶᠠᠷ᠂ ᠴᠠᠭᠠᠨ ᠰᠦᠯᠳᠡ ᠶᠢᠨ ᠲᠠᠬᠢᠯᠭ᠎ᠠ ᠳᠤ ᠭᠠᠯ ᠤᠨ ᠲᠠᠬᠢᠯᠭ᠎ᠠ ᠨᠢ ᠪᠠᠰᠠ ᠨᠢᠭᠡᠨ ᠭᠤᠤᠯ ᠲᠠᠶᠢᠯᠭ᠎ᠠ ᠪᠤᠯᠳᠠᠭ ᠪᠦᠭᠡᠳ ᠭᠠᠯ ᠭᠤᠯᠤᠮᠳᠠ ᠶᠢᠨ ᠪᠠᠳᠠᠷᠠᠯ ᠬᠦᠭᠵᠢᠯ᠂ ᠦᠨᠳᠦᠰᠦᠳᠡᠨ ᠦᠭᠡᠳᠡᠯᠡᠨ ᠮᠠᠨᠳᠤᠬᠤ ᠶᠢᠨ ᠵᠦᠩᠨᠡᠯ ᠪᠤᠯᠵᠦ ᠪᠠᠶᠢᠳᠠᠭ ᠤᠴᠢᠷ ᠲᠠᠢ᠃        ᠤᠳᠤᠬᠠᠨ ᠤ ᠨᠡᠶᠢᠳᠡ ᠶᠢᠨ ᠭᠠᠯ ᠲᠠᠬᠢᠯᠭ᠎ᠠ            ᠲᠡᠬᠡᠷ᠎ᠠ ᠭᠠᠯ ᠲᠠᠬᠢᠯᠭ᠎ᠠ ᠳᠤ ᠠᠶᠢᠯ ᠡᠷᠦᠬᠡ ᠶᠢᠨ ᠭᠠᠯ ᠲᠠᠬᠢᠯᠭ᠎ᠠ᠂ ᠠᠯᠪᠠᠨ ᠭᠠᠯ ᠲᠠᠬᠢᠯᠭ᠎ᠠ᠂ ᠰᠦᠮ᠎ᠡ ᠬᠡᠶᠢᠳ ᠤᠨ ᠭᠠᠯ ᠲᠠᠬᠢᠯᠭ᠎ᠠ ᠭᠡᠬᠦ ᠭᠤᠷᠪᠠᠨ ᠵᠦᠢᠯ ᠪᠠᠶᠢᠳᠠᠭ ᠬᠡᠰᠡᠨ ᠢ ᠲᠡᠤᠭᠡᠨ ᠮᠠᠲ᠋ᠧᠷᠢᠶᠠᠯ ᠠᠴᠠ ᠡᠰᠢ ᠲᠠᠳᠠᠨ ᠨᠤᠳᠠᠯᠠᠪᠠ᠃ ᠲᠡᠬᠡᠬᠦ ᠪᠠᠷ᠂ ᠨᠡᠶᠢᠳᠡ ᠶᠢᠨ ᠭᠠᠯ ᠲᠠᠬᠢᠯᠭ᠎ᠠ ᠨᠢ ᠲᠡᠤᠬᠡ ᠶᠢᠨ ᠦᠨᠳᠦᠰᠦᠯᠡᠯ ᠲᠠᠢ ᠶᠤᠮ᠃ ᠤᠢᠢᠷ᠎ᠠ ᠶᠢᠨ ᠵᠢᠯ ᠤᠳ ᠲᠤ᠂ ᠮᠠᠨ ᠤ ᠤᠷᠤᠨ‌‍ᠤ ᠤᠯᠠᠩᠬᠢ ᠠᠶᠢᠮᠠᠬ ᠬᠤᠳᠠ᠂ ᠬᠤᠰᠢᠭᠤ ᠰᠢᠶᠡᠨ ᠨᠢ ᠯᠠ ᠰᠠᠷ᠎ᠠ ᠶᠢᠨ ᠬᠤᠷᠢᠨ ᠭᠤᠷᠪᠠᠨ ᠳᠤ ᠨᠡᠶᠢᠳᠡ ᠶᠢᠨ ᠭᠠᠯ ᠲᠠᠬᠢᠯᠭ᠎ᠠ ᠶᠢ ᠵᠤᠬᠢᠶᠠᠨ ᠪᠠᠶᠢᠭᠤᠯᠵᠦ ᠪᠠᠶᠢᠨ᠎ᠠ᠃ ᠨᠡᠶᠢᠳᠡ ᠶᠢᠨ ᠭᠠᠯ ᠲᠠᠬᠢᠯᠭ᠎ᠠ ᠶᠢᠨ ᠦᠷᠨᠢᠬᠦ ᠶᠢ ᠲᠠᠭᠠᠯᠳᠤᠨ᠂ ᠡᠨᠡᠬᠦ ᠦᠵᠡᠭᠳᠡᠯ ᠤᠨ ᠲᠤᠬᠠᠢ ᠮᠠᠷᠭᠤᠭᠠᠨ ᠴᠤ ᠶᠡᠬᠡᠬᠡᠨ ᠭᠠᠵᠠᠷ ᠠᠪᠴᠦ ᠪᠤᠢ᠃ ᠵᠠᠷᠢᠮ ᠪᠦᠯᠦᠭ ᠬᠦᠮᠦᠰ ︽ᠲᠡᠤᠬᠡᠨ ᠳᠤ ᠨᠡᠶᠢᠳᠡ ᠶᠢᠨ ᠭᠠᠯ ᠲᠠᠬᠢᠯᠭ᠎ᠠ ᠭᠡᠵᠦ ᠪᠠᠶᠢᠭᠰᠠᠨ ᠦᠭᠡᠢ᠂ ᠵᠠᠰᠠᠭ ᠤᠨ ᠭᠠᠯ ᠲᠠᠬᠢᠯᠭ᠎ᠠ ᠭᠡᠵᠦ ᠨᠡᠩ ᠴᠤ ᠪᠠᠶᠢᠭᠰᠠᠨ ᠦᠭᠡᠢ︾ ᠭᠡᠬᠦ ᠪᠤᠶᠤ ︽ᠠᠶᠢᠯ ᠡᠷᠦᠬᠡ ᠶᠢᠨ ᠭᠠᠯ ᠲᠠᠬᠢᠯᠭ᠎ᠠ ᠭᠡᠵᠦ ᠪᠠᠶᠢᠳᠠᠭ ᠠᠴᠠ ᠪᠢᠰᠢ᠂ ᠨᠡᠶᠢᠳᠡ ᠶᠢᠨ ᠭᠠᠯ ᠲᠠᠬᠢᠯᠭ᠎ᠠ ᠭᠡᠵᠦ ᠶᠡᠷᠦᠨᠢ ᠪᠠᠶᠢᠳᠠᠭ ᠦᠬᠡᠢ᠃ ᠮᠤᠩᠭᠤᠯᠴᠤᠳ ᠬᠠᠷᠢᠯᠠᠬᠰᠠᠨ ᠬᠡᠤᠭᠡᠨ ᠢᠶᠠᠨ ᠴᠦ ᠭᠠᠯ ᠲᠠᠬᠢᠯᠭ᠎ᠠ ᠳᠤ ᠤᠷᠤᠯᠴᠠᠭᠤᠯᠳᠠᠭ ᠦᠬᠡᠢ᠂ ᠬᠠᠮᠢᠭ᠎ᠠ ᠠᠴᠠ ᠢᠷᠡᠭᠰᠡᠨ ᠤᠯᠠᠨ ᠨᠡᠶᠢᠳᠡ ᠶᠢᠨ ᠲᠠᠬᠢᠯᠭ᠎ᠠ ᠪᠤᠢ︖ ᠤᠯᠠᠮᠵᠢᠯᠠᠯ ᠢ ᠭᠠᠵᠢᠭᠤᠳᠠᠭᠤᠯᠵᠦ ᠪᠠᠶᠢᠨ᠎ᠠ︾ ᠬᠡᠬᠦ ᠵᠡᠷᠬᠡ ᠪᠠᠷ ᠮᠠᠷᠭᠤᠯᠳᠤᠵᠦ ᠪᠠᠶᠢᠨ᠎ᠠ᠃ ᠮᠤᠩᠭᠤᠯᠴᠤᠳ ᠤᠨ ᠭᠠᠯ ᠲᠠᠬᠢᠯᠭ᠎ᠠ ᠶᠢᠨ ᠰᠤᠶᠤᠯ ᠨᠢ ᠭᠠᠯ ᠭᠤᠯᠤᠮᠳᠠ ᠪᠠᠨ ᠲᠡᠬᠡᠵᠢᠯᠡᠨ᠂ ᠠᠵᠢᠯ ᠬᠡᠷ ᠤᠨ ᠦᠬᠡᠳᠡ ᠡᠰᠡᠷᠡᠭ ᠢᠶᠠᠨ ᠲᠠᠭᠠᠳᠬᠠᠨ᠂ ᠰᠠᠶᠢᠨ ᠰᠠᠶᠢᠬᠠᠨ ᠢ ᠵᠦᠩᠨᠡᠨ ᠪᠡᠯᠭᠡᠳᠡᠭᠰᠡᠨ ᠮᠤᠩᠭᠤᠯ ᠤᠬᠠᠭᠠᠨ ᠪᠤᠯᠬᠤ ᠶᠤᠮ᠃            ᠤᠳᠤᠬᠠᠨ ᠤ ᠡᠯ᠎ᠠ ᠭᠠᠵᠠᠷ ᠤᠨ ᠵᠠᠰᠠᠭ ᠤᠨ ᠤᠷᠳᠤᠨ᠂ ᠬᠠᠮᠢᠶ᠎ᠠ ᠪᠦᠬᠦᠢ ᠪᠠᠶᠢᠭᠤᠯᠤᠯᠭ᠎ᠠ ᠨᠢᠬᠡᠴᠡ ᠠᠴᠠ ᠡᠷᠬᠢᠯᠡᠵᠦ ᠪᠠᠶᠢᠭ᠎ᠠ ᠨᠡᠶᠢᠳᠡ ᠶᠢᠨ ᠭᠠᠯ ᠲᠠᠬᠢᠯᠭ᠎ᠠ ᠶᠢ ᠤᠯᠠᠮᠵᠢᠯᠠᠯᠳᠦ ᠨᠡᠶᠢᠳᠡ ᠶᠢᠨ ᠭᠠᠯ ᠲᠠᠬᠢᠯᠭ᠎ᠠ ᠶᠢᠨ ᠤᠯᠠᠮᠵᠢᠯᠠᠯ ᠬᠡᠮᠡᠨ ᠦᠵᠡᠵᠦ ᠪᠤᠯᠬᠤ ᠪᠦᠭᠡᠳ ᠡᠨᠡ ᠨᠢ ᠤᠯᠠᠮᠵᠢᠯᠠᠯᠳᠦ ᠠᠷᠭ᠎ᠠ ᠪᠠᠷ ᠭᠠᠯ ᠢᠶᠠᠨ ᠲᠠᠬᠢᠬᠤ ᠨᠦᠬᠦᠴᠡᠯ ᠪᠤᠯᠤᠮᠵᠢ ᠪᠠᠷ ᠠᠨᠠᠢᠬᠠᠨ ᠬᠤᠳᠠ ᠶᠢᠨ ᠮᠤᠩᠭᠤᠯᠴᠤᠳ ᠲᠤ ᠤᠯᠠᠮᠵᠢᠯᠠᠯᠳᠦ ᠶᠤᠰᠦ ᠵᠠᠩᠰᠢᠯ᠂ ᠰᠢᠳᠦᠯᠬᠡ ᠪᠢᠰᠢᠷᠡᠯ ᠢᠶᠠᠨ ᠬᠦᠢᠴᠡᠳᠬᠡᠬᠦ ᠨᠦᠬᠦᠴᠡᠯ ᠪᠤᠯᠤᠮᠵᠢ ᠬᠠᠨᠭ᠍ᠭᠠᠬᠤ ᠶᠢᠨ ᠬᠠᠮᠳᠦ᠂ ᠨᠤᠳᠤᠭ ᠤᠰᠤ ᠪᠠᠨ ᠭᠠᠯ ᠤᠨ ᠰᠤᠷ ᠰᠢᠭ᠋ ᠬᠦᠭᠵᠢᠨ ᠮᠠᠨᠳᠦᠨ᠂ ᠠᠷᠠᠳ ᠲᠦᠮᠡᠨ ᠠᠮᠤᠷ ᠲᠠᠶᠢᠪᠤᠩ ᠪᠠᠶᠢᠬᠤ ᠶᠢ ᠵᠦᠡᠭᠨᠠᠨ ᠪᠡᠯᠬᠡᠳᠡᠵᠦ ᠪᠠᠶᠢᠭ᠎ᠠ ᠬᠡᠮᠡᠨ ᠤᠢᠢᠯᠠᠭᠠᠵᠦ ᠪᠤᠯᠤᠨ᠎ᠠ᠃            ᠦᠨᠳᠦᠰᠦᠳᠡᠨ ᠤ ᠬᠢ ᠪᠠᠨ ᠤᠯᠠᠮᠵᠢᠯᠠᠳᠦ ᠰᠤᠶᠤᠯ ᠢᠶᠠᠨ ᠤᠢᠢᠯᠠᠭᠠᠨ ᠮᠡᠳᠡᠵᠦ᠂ ᠤᠯᠠᠮᠵᠢᠯᠠᠨ ᠬᠦᠭᠵᠢᠬᠦᠯᠬᠦ ᠶᠢᠨ ᠬᠠᠮᠳᠦ᠂ ᠤᠷᠤᠰᠢᠨ ᠲᠤᠭᠳᠠᠨᠢᠵᠦ ᠪᠦᠬᠦᠢ ᠨᠡᠶᠢᠬᠡᠮ ᠠᠬᠤᠢ ᠳᠠᠭᠠᠨ ᠵᠤᠬᠢᠴᠠᠭᠤᠯᠤᠨ ᠬᠦᠭᠵᠢᠬᠦᠯᠬᠦ ᠨᠢ ᠤᠯᠠᠮᠵᠢᠯᠠᠯᠳᠦ ᠰᠤᠶᠤᠯ ᠤᠨ ᠬᠦᠭᠵᠢᠯᠳᠡ ᠶᠢᠨ ᠵᠠᠶᠢᠯᠠᠰᠢ ᠦᠭᠡᠢ ᠵᠠᠮ ᠪᠤᠯᠬᠤ ᠶᠤᠮ᠃
 
ᠢᠷᠡᠯᠲᠡ᠄ ᠪᠤᠭᠤᠲᠦ ᠬᠤᠲᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号