ᠴᠢᠩᠱᠠᠨ ᠲᠣᠭᠤᠷᠢᠭ ᠪᠦᠬᠦ ᠤᠯᠤᠰ ᠤᠨ ᠵᠡᠪᠰᠡᠭ ᠤᠨ ᠡᠷᠳᠡᠮ ᠤᠨ ᠤᠷᠤᠯᠳᠤᠭᠠᠨ ᠤ ᠲᠠᠯᠠᠪᠠᠢ ᠳᠤ ᠬᠢᠯᠪᠠᠯᠵᠠᠪᠠ
ᠨᠡᠶᠢᠲᠡᠯᠡᠭᠰᠡᠨ ᠴᠠᠭ᠄
2025/5/29
      ᠴᠢᠩᠱᠠᠨ ᠲᠣᠭᠤᠷᠢᠭ ᠤᠨ ᠨᠠᠮ ᠤᠨ ᠬᠤᠷᠢᠶ᠎ᠠ᠂ ᠲᠣᠭᠤᠷᠢᠭ ᠤᠨ ᠵᠠᠰᠠᠭ ᠤᠨ ᠣᠷᠳᠣᠨ ᠢᠮᠠᠭᠲᠠ ︽ᠵᠡᠪᠰᠡᠭ ᠤᠨ ᠡᠷᠳᠡᠮ ᠤᠨ ᠨᠤᠲᠤᠭ︾ ᠭᠡᠬᠦ ᠠᠯᠲᠠᠨ ᠦᠰᠦᠭᠲᠦ ᠫᠠᠶᠢᠰᠠ ᠶᠢ ᠬᠤᠲᠠ ᠶᠢᠨ ᠰᠣᠶᠣᠯ ᠤᠨ ᠦᠨᠡᠲᠦ ᠡᠷᠳᠡᠨᠢ ᠪᠣᠯᠭᠠᠵᠤ᠂ ᠲᠣᠭᠤᠷᠢᠭ ᠤᠨ ᠰᠣᠶᠣᠯ ᠵᠢᠭᠤᠯᠴᠢᠯᠠᠯ ᠤᠨ ᠲᠣᠪᠴᠢᠶ᠎ᠠ ᠵᠡᠪᠰᠡᠭ ᠤᠨ ᠡᠷᠳᠡᠮ ᠤᠨ ᠬᠥᠳᠡᠯᠭᠡᠭᠡᠨ ᠢ ᠳᠡᠯᠭᠡᠷᠡᠭᠦᠯᠬᠦ᠂ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠶᠢ ᠠᠬᠢᠭᠤᠯᠬᠤ ᠪᠠᠷ ᠥᠪᠡᠷ ᠤᠨ ᠡᠭᠦᠷᠭᠡ ᠪᠠᠨ ᠪᠣᠯᠭᠠᠵᠤ᠂ ᠰᠢᠨ᠎ᠡ ᠶᠢ ᠡᠭᠦᠳᠬᠦ ᠶᠢ ᠤᠯᠠᠮᠵᠢᠯᠠᠨ ᠵᠠᠯᠭᠠᠮᠵᠢᠯᠠᠬᠤ ᠵᠠᠮ ᠳᠡᠭᠡᠷ᠎ᠡ ᠲᠠᠰᠤᠷᠠᠯᠲᠠ ᠦᠭᠡᠢ ᠭᠦᠢᠴᠡᠳᠬᠡᠵᠦ᠂ ᠭᠦᠨᠵᠡᠭᠡᠢ ᠲᠠᠷᠢᠵᠤ ᠨᠠᠷᠢᠯᠢᠭ ᠬᠢᠪᠡ᠃      ᠲᠤᠰ ᠤᠳᠠᠭᠠᠨ ᠤ ᠪᠦᠬᠦ ᠤᠯᠤᠰ ᠤᠨ ᠵᠡᠪᠰᠡᠭ ᠤᠨ ᠡᠷᠳᠡᠮ ᠤᠨ ᠤᠷᠤᠯᠳᠤᠭᠠᠨ ᠳᠤ᠂ 91 ︽ᠵᠡᠪᠰᠡᠭ ᠤᠨ ᠡᠷᠳᠡᠮ ᠤᠨ ᠨᠤᠲᠤᠭ︾᠎ ᠤᠨ ᠲᠥᠯᠥᠭᠡᠯᠡᠭᠴᠢᠳ ᠤᠨ ᠠᠩᠭᠢ ᠶᠢᠨ 1600 ᠲᠠᠮᠢᠷᠴᠢᠨ ᠤ ᠬᠤᠷᠴᠠ ᠰᠢᠷᠦᠭᠦᠨ ᠥᠷᠢᠰᠥᠯᠳᠦᠭᠡᠨ ᠢᠶᠠᠷ ᠳᠠᠮᠵᠢᠨ᠂ ᠴᠢᠩᠱᠠᠨ ᠲᠣᠭᠤᠷᠢᠭ ᠤᠨ ᠨᠠᠷᠢᠨ ᠨᠢᠮᠪᠠᠶ ᠰᠣᠩᠭᠤᠨ ᠲᠣᠮᠢᠯᠠᠭᠰᠠᠨ ᠵᠡᠪᠰᠡᠭ ᠤᠨ ᠡᠷᠳᠡᠮ ᠤᠨ 3 ᠲᠠᠮᠢᠷᠴᠢᠨ ᠯᠠᠪᠳᠠᠭᠤᠨ ᠪᠠᠲᠤᠲᠠᠶ ᠰᠠᠭᠤᠷᠢ ᠪᠠ ᠭᠠᠷᠮᠠᠭᠠᠢ ᠠᠮᠵᠢᠯᠲᠠ ᠪᠠᠷ ᠴᠣᠯᠭᠤᠷᠠᠨ ᠭᠠᠷᠴᠤ᠂ 6 ᠵᠦᠢᠯ ᠤᠨ ᠢᠷᠠᠭᠤ ᠠᠯᠳᠠᠷ ᠢ ᠬᠦᠷᠲᠡᠵᠦ᠂ ᠭᠠᠷᠮᠠᠭᠠᠶ ᠬᠢᠷᠢ ᠪᠦᠲᠦᠮᠵᠢ ᠣᠯᠵᠠᠶ᠃ ᠡᠭᠦᠨ ᠤ ᠳᠣᠲᠣᠷ᠎ᠠ ᠡᠷᠡᠭᠲᠡᠶ ᠶᠢᠨ ᠨᠠᠰᠤᠲᠠᠶᠢᠴᠤᠳ ᠤᠨ ᠳᠤᠭᠤᠶᠢᠯᠠᠩ ᠤᠨ ᠲᠠᠮᠢᠷᠴᠢᠳ ᠳᠠᠩ ᠪᠠᠭᠠᠵᠢ ᠬᠡᠷᠡᠭᠰᠡᠯ ᠤᠨ ᠰᠢᠳᠠᠮᠯᠢᠭ ᠮᠡᠷᠭᠡᠵᠢᠯ᠂ ᠬᠠᠲᠠᠭᠤ ᠴᠢᠩᠭ᠎ᠠ ᠡᠷᠴᠢᠮ ᠢᠶᠠᠷ ᠪᠥᠵᠢᠭᠯᠡᠵᠦ᠂ ᠰᠢᠳᠠᠮᠯᠢᠭ ᠮᠡᠷᠭᠡᠵᠢᠯ ᠢᠶᠠᠷ ᠢᠶᠠᠨ ᠨᠢᠭᠡᠳᠦᠭᠡᠷ ᠲᠤ ᠣᠷᠣᠪᠠ︔ ᠡᠷᠡᠭᠲᠡᠶ ᠶᠢᠨ ᠨᠠᠰᠤᠲᠠᠶᠢᠴᠤᠳ ᠤᠨ ᠳᠤᠭᠤᠶᠢᠯᠠᠩ ᠤᠨ ᠳᠦᠷᠢ ᠲᠥᠷᠬᠦ ᠶᠢᠨ ᠨᠢᠳᠤᠷᠭ᠎ᠠ ᠶᠢᠨ ᠤᠷᠤᠯᠳᠤᠭᠠᠨ ᠤ ᠲᠠᠯᠠᠪᠤᠷ ᠲᠤ᠂ ᠲᠠᠮᠢᠷᠴᠢᠳ ᠤᠨ ᠪᠡᠶ᠎ᠡ ᠪᠢᠯᠳᠠᠷ ᠨᠢ ᠲᠡᠷᠢ ᠲᠡᠭᠰᠢ ᠪᠠᠶᠢᠵᠤ᠂ ᠭᠠᠷᠮᠠᠭᠠᠶ ᠢᠯᠡᠷᠡᠯ ᠢᠶᠠᠷ ᠢᠶᠠᠨ ᠬᠤᠶᠠᠳᠤᠭᠠᠷ ᠳᠡᠰ ᠤᠨ ᠱᠠᠩᠨᠠᠯ ᠭᠥᠷᠳᠡᠪᠡ︔ ᠡᠭᠦᠨ ᠠᠴᠠ ᠭᠠᠳᠠᠨ᠎ᠠ᠂ ᠡᠷᠡᠭᠲᠡᠢ ᠶᠢᠨ ᠨᠠᠰᠤᠲᠠᠶᠢᠴᠤᠳ ᠤᠨ ᠳᠤᠭᠤᠶᠢᠯᠠᠩ ᠪᠣᠯᠤᠨ ᠡᠷᠡᠭᠲᠡᠢ ᠶᠢᠨ ᠢᠳᠡᠷ ᠨᠠᠰᠤᠨ ᠤ ᠳᠤᠭᠤᠶᠢᠯᠠᠩ ᠤᠨ ᠬᠡᠯᠪᠡᠷᠢᠳᠤ ᠨᠢᠳᠤᠷᠭᠠᠨ ᠲᠠᠮᠢᠷᠴᠢᠨ ᠨᠢ ᠰᠦᠷ ᠬᠡᠪ ᠨᠠᠮᠪᠠ᠂ ᠨᠠᠷᠢᠯᠢᠭ ᠤᠨᠤᠪᠴᠢᠲᠠᠢ ᠪᠣᠳᠠᠲᠠᠶᠢᠵᠢᠭᠤᠯᠤᠭᠰᠠᠨ ᠨᠢᠳᠤᠷᠭᠠᠨ ᠡᠷᠳᠡᠮ ᠢᠶᠠᠷ ᠠᠳᠠᠯᠢᠬᠠᠨ ᠬᠤᠶᠠᠳᠤᠭᠠᠷ ᠳᠡᠰ ᠤᠨ ᠱᠠᠩᠨᠠᠯ ᠭᠥᠷᠳᠡᠭᠰᠡᠨ ᠰᠢᠯᠢᠳᠡᠭ ᠬᠢᠷᠢ ᠪᠦᠲᠦᠮᠵᠢ ᠣᠯᠵᠠᠢ᠃      ᠡᠨᠡ ᠬᠦ ᠬᠤᠪᠢᠷᠠᠰᠢ ᠦᠭᠡᠢ ᠪᠠᠲᠤ ᠪᠠᠷᠢᠮᠲᠠᠯᠠᠯ ᠳᠤ ᠲᠦᠰᠢᠭᠯᠡᠨ᠂ ᠴᠢᠩᠱᠠᠨ ᠲᠣᠭᠤᠷᠢᠭ ᠨᠢᠭᠡᠨᠲᠡ ᠠᠷᠪᠠ ᠶᠢᠰᠦᠨ ᠬᠤᠭᠤᠴᠠᠭᠠᠨ ᠤ ᠪᠦᠬᠦ ᠤᠯᠤᠰ ᠤᠨ ᠵᠡᠪᠰᠡᠭ ᠤᠨ ᠡᠷᠳᠡᠮ ᠤᠨ ᠤᠷᠤᠯᠳᠤᠭᠠᠨ ᠤ ᠲᠠᠪᠴᠠᠩ ᠳᠤ ᠭᠢᠯᠠᠯᠵᠠᠵᠤ᠂ ᠢᠷᠠᠭᠤ ᠠᠯᠳᠠᠷ ᠤᠨ ᠳᠤᠮᠤᠭ ᠢᠶᠠᠨ ᠦᠷᠭᠦᠯᠵᠢᠯᠡᠨ ᠪᠢᠴᠢᠭᠯᠡᠪᠡ᠃ ᠲᠣᠰ ᠤᠳᠠᠭᠠᠨ ᠤ ᠰᠢᠯᠢᠳᠡᠭ ᠬᠢᠷᠢ ᠪᠦᠲᠦᠮᠵᠢ ᠶᠢ ᠣᠯᠤᠭᠰᠠᠨ ᠨᠢ ᠭᠤᠷᠪᠠᠨ ᠲᠠᠮᠢᠷᠴᠢᠨ ᠡᠳᠦᠷᠵᠢᠨ ᠬᠠᠲᠠᠭᠤᠵᠢᠯᠲᠠᠶ ᠪᠣᠯᠪᠠᠰᠤᠷᠠᠬᠤ ᠶᠢᠨ ᠬᠠᠮᠤᠭ ᠤᠨ ᠳᠡᠭᠡᠳᠦ ᠮᠠᠭᠲᠠᠭᠠᠯ ᠪᠣᠯᠬᠤ ᠪᠠᠷ ᠪᠠᠷᠠᠬᠤ ᠥᠬᠡᠶ᠂ ᠨᠠᠩ ᠴᠤ ᠴᠢᠩᠱᠠᠨ ᠲᠣᠭᠤᠷᠢᠭ ᠤᠨ ᠣᠷᠳᠣ ᠬᠤᠭᠤᠴᠠᠭᠠᠨ ᠤ ᠲᠤᠷᠰᠢ ᠵᠡᠪᠰᠡᠭ ᠤᠨ ᠡᠷᠳᠡᠮ ᠤᠨ ᠰᠣᠶᠣᠯ ᠤᠨ ᠤᠯᠠᠮᠵᠢᠯᠠᠯ ᠢ ᠴᠢᠬᠤᠯᠠᠴᠢᠯᠠᠵᠤ᠂ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠦᠢᠯᠡᠰ ᠢ ᠪᠥᠬᠦ ᠬᠦᠴᠦᠨ ᠢᠶᠠᠷ ᠢᠶᠠᠨ ᠠᠬᠢᠭᠤᠯᠬᠤ ᠠᠮᠢᠳᠤᠯᠢᠭ ᠵᠢᠷᠤᠭᠯᠠᠯ ᠪᠣᠯᠤᠨ᠎ᠠ᠃
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号