9 ᠰᠠᠷ᠎ᠠ ᠶᠢᠨ 24 ᠤ ᠡᠳᠦᠷ᠂ ᠲᠣᠭᠤᠷᠢᠭ ᠤᠨ ᠨᠠᠮ ᠤᠨ ᠬᠤᠷᠢᠶᠠᠨ ᠤ ᠳᠡᠳ᠋ ᠱᠦᠵᠢ᠂ ᠵᠠᠰᠠᠭ ᠤᠨ | ᠣᠷᠳᠣᠨ ᠤ ᠳᠠᠷᠤᠭ᠎ᠠ ᠪᠠᠶ ᠶᠦᠨ ᠰᠢ ᠴᠢᠩᠱᠠᠨ ᠲᠣᠭᠤᠷᠢᠭ ᠤᠨ ᠠᠶᠤᠯᠭᠦᠶ ᠦᠢᠯᠡᠳᠪᠦᠷᠢᠯᠡᠯ ᠤᠨ ᠠᠵᠢᠯ ᠤᠨ ᠬᠤᠷᠠᠯ | ᠵᠢᠴᠢ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡᠨ ᠤ ᠠᠮᠤᠷ ᠲᠦᠪᠰᠢᠨ ᠤ ᠬᠡᠮ ᠰᠣᠭᠤᠭ ᠢ ᠪᠥᠬᠦ ᠬᠡᠯᠬᠢᠶ᠎ᠡ ᠪᠠᠷ | ᠴᠡᠭᠴᠡᠯᠡᠨ ᠵᠠᠰᠠᠬᠤ ᠠᠵᠢᠯᠯᠠᠭ᠎ᠠ ᠶᠢᠨ ᠲᠤᠰᠬᠠᠶ ᠰᠡᠳᠦᠪᠲᠦ ᠲᠣᠬᠢᠷᠠᠭᠤᠯᠤᠯᠲᠠ ᠶᠢᠨ ᠬᠤᠷᠠᠯ ᠢ ᠡᠷᠭᠢᠯᠡᠨ | ᠬᠤᠷᠠᠯᠳᠤᠭᠤᠯᠪᠠ᠃ ᠬᠤᠷᠠᠯ ᠠᠴᠠ ᠪᠥᠬᠦ ᠲᠤᠭᠤᠷᠢᠭ ᠤᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡᠨ ᠤ ᠠᠮᠤᠷ | ᠲᠦᠪᠰᠢᠨ ᠤ ᠬᠡᠮ ᠰᠣᠭᠤᠭ ᠢ ᠪᠥᠬᠦ ᠬᠡᠯᠬᠢᠶ᠎ᠡ ᠪᠠᠷ ᠴᠡᠭᠴᠡᠯᠡᠨ ᠵᠠᠰᠠᠬᠤ ᠠᠵᠢᠯᠯᠠᠭ᠎ᠠ ᠶᠢᠨ ᠠᠬᠢᠴᠠ ᠶᠢᠨ ᠪᠠᠶᠢᠳᠠᠯ ᠢ | ᠵᠠᠷᠯᠠᠨ ᠮᠡᠳᠡᠭᠳᠡᠭᠰᠡᠨ ᠪᠥᠭᠡᠳ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠵᠢᠴᠢ ᠵᠢᠴᠢ ᠳ᠋ᠢᠶᠠᠨ ᡂᠢ ᠶᠢᠨ | ᠠᠰᠠᠷ ᠲᠤ ᠣᠷᠣᠵᠤ ᠡᠷᠦᠬᠡ ᠳᠤ ᠣᠷᠣᠬᠤ ᠲᠤᠰᠬᠠᠶ ᠴᠡᠭᠴᠡᠯᠡᠨ ᠵᠠᠰᠠᠬᠤ ᠠᠵᠢᠯᠯᠠᠭ᠎ᠠ ᠶᠢ ᠲᠣᠬᠢᠷᠠᠭᠤᠯᠤᠨ | ᠪᠠᠶᠢᠷᠢᠯᠠᠭᠤᠯᠪᠠ᠃ | ᠬᠤᠷᠠᠯ ᠠᠴᠠ᠂ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠵᠢᠴᠢ ᠳ᠋ᠢᠶᠠᠨ ᡂᠢ ᠶᠢᠨ ︽ᠠᠰᠠᠷ ᠲᠤ ᠣᠷᠣᠵᠤ | ᠡᠷᠦᠬᠡ ᠳᠤ ᠣᠷᠣᠬᠤ︾᠂ ︽ᠤᠲᠠᠰᠤ ᠪᠠᠷ ᠴᠠᠬᠢᠯᠭᠠᠨ ᠴᠡᠨᠡᠭᠯᠡᠬᠦ︾ ᠨᠢᠭᠡᠨᠲᠡ ᠬᠤᠲᠠ ᠪᠠᠯᠭᠠᠰᠤᠨ ᠤ ᠰᠠᠭᠤᠭᠠᠯᠢ | ᠠᠷᠠᠳ ᠤᠨ ᠣᠷᠣᠨ ᠰᠠᠭᠤᠴᠠ ᠳᠤ ᠭᠠᠯ ᠤᠨ ᠠᠶᠤᠯ ᠡᠭᠦᠰᠬᠦ ᠴᠢᠬᠤᠯᠠ ᠬᠦᠴᠦᠨ ᠵᠦᠢᠯ ᠪᠣᠯᠵᠣ᠂ ᠣᠯᠠᠨ ᠲᠦᠮᠡᠨ ᠤ | ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠳᠤ ᠲᠦᠢᠯ ᠤᠨ ᠶᠡᠭᠡ ᠰᠦᠷᠳᠡᠭᠦᠯᠦᠯ ᠪᠣᠯᠤᠭᠰᠠᠨ ᠪᠠᠶᠢᠨ᠎ᠠ᠃ | ᠣᠳᠣᠬᠠᠨ ᠳᠤ ᠶᠠᠭ ᠴᠢᠬᠤᠯᠠ ᠴᠠᠭ ᠬᠤᠭᠤᠴᠠᠭᠠᠨ ᠤ ᠵᠠᠩᠭᠢᠯᠠᠭ᠎ᠠ ᠶᠢᠨ ᠴᠡᠭ ᠪᠤᠯᠵᠤ᠂ ᠠᠶᠤᠯᠭᠦᠢ | ᠦᠢᠯᠡᠳᠪᠦᠷᠢᠯᠡᠯ ᠤᠨ ᠠᠵᠢᠯ ᠢ ᠰᠠᠶᠢᠲᠤᠷ ᠬᠢᠬᠦ ᠳᠤ ᠬᠠᠷᠢᠭᠤᠴᠠᠯᠭ᠎ᠠ ᠬᠦᠨᠳᠦ ᠶᠡᠭᠡ᠂ ᠠᠯᠤᠰ ᠬᠡᠳᠦ ᠶᠢᠨ ᠠᠴᠢ | ᠬᠤᠯᠪᠣᠭᠳᠠᠯ ᠲᠠᠢ ᠶᠤᠮ ᠭᠡᠵᠦ ᠴᠢᠬᠤᠯᠠᠴᠢᠯᠠᠭᠰᠠᠨ ᠪᠠᠶᠢᠨ᠎ᠠ᠃ | ᠬᠤᠷᠠᠯ ᠠᠴᠠ᠂ ᠤᠯᠤᠰ ᠲᠥᠷᠥ ᠶᠢᠨ ᠵᠣᠭᠰᠣᠴᠠ ᠪᠠᠨ ᠳᠡᠭᠡᠭᠰᠢᠯᠡᠭᠦᠯᠵᠦ᠂ ︽ᠬᠤᠶᠠᠷ ᠢ ᠳᠡᠭᠡᠳᠦᠯᠡᠬᠦ︾ ᠪᠠ | ︽ᠬᠤᠶᠠᠷ ᠢ ᠬᠠᠮᠠᠭᠠᠯᠠᠬᠤ︾ ᠦᠨᠳᠦᠷᠴᠡ ᠳᠤ ᠵᠣᠭᠰᠣᠵᠤ᠂ ︽ᠴᠠᠭ ᠢᠮᠠᠭᠲᠠ ᠰᠠᠨᠠᠭ᠎ᠠ ᠠᠮᠤᠷ ᠦᠭᠡᠢ︾ | ᠬᠠᠷᠢᠭᠤᠴᠠᠯᠭᠠᠲᠤ ᠰᠡᠳᠬᠢᠯᠭᠡ ᠪᠠ ︽ᠶᠠᠪᠤᠳᠠᠯ ᠪᠣᠯᠭᠠᠨ ᠳᠤ ᠳᠣᠲᠣᠷ᠎ᠠ ᠪᠠᠨ ᠦᠨᠳᠦᠰᠦᠨ ᠵᠦᠢᠯ ᠲᠠᠢ ᠪᠠᠶᠢᠬᠤ︾ | ᠠᠵᠢᠯᠯᠠᠭᠠᠨ ᠤ ᠬᠦᠴᠦᠨ ᠢᠶᠠᠷ ︽ᠭᠤᠷᠪᠠ ᠶᠢ ᠬᠠᠮᠢᠶᠠᠷᠴᠤ ᠭᠤᠷᠪᠠ ᠶᠢ ᠡᠷᠬᠡᠪᠰᠢ ᠭᠦᠢᠴᠡᠳᠬᠡᠬᠦ︾ ᠱᠠᠭᠠᠷᠳᠠᠯᠭ᠎ᠠ ᠶᠢ | ᠴᠢᠩᠭ᠎ᠠ ᠨᠠᠶᠢᠳᠠᠪᠤᠷᠢᠵᠢᠭᠤᠯᠵᠤ᠂ ᠠᠶᠤᠯᠭᠦᠢ ᠦᠢᠯᠡᠳᠪᠦᠷᠢᠯᠡᠯ ᠤᠨ ᠦᠨᠳᠦᠰᠦᠨ ᠠᠴᠠ ᠨᠢ ᠵᠠᠰᠠᠬᠤ ᠪᠣᠭᠤᠮᠲᠠ | ᠰᠢᠪᠲᠤᠯᠬᠤ ᠭᠤᠷᠪᠠᠨ ᠵᠢᠯ ᠤᠨ ᠠᠵᠢᠯᠯᠠᠭ᠎ᠠ ᠪᠠ ᠪᠦᠬᠦ ᠲᠤᠭᠤᠷᠢᠭ ᠤᠨ ᠴᠠᠬᠢᠯᠭᠠᠨ ᠬᠥᠳᠡᠯᠭᠡᠭᠦᠷᠲᠦ ᠳᠤᠭᠤᠶ | ᠲᠡᠷᠭᠡᠨ ᠤ ᠠᠮᠤᠷ ᠲᠦᠪᠰᠢᠨ ᠤ ᠬᠡᠮ ᠰᠣᠭᠤᠭ ᠢ ᠪᠦᠬᠦ ᠬᠡᠯᠬᠢᠶ᠎ᠡ ᠪᠠᠷ ᠴᠡᠭᠴᠡᠯᠡᠨ ᠵᠠᠰᠠᠬᠤ ᠠᠵᠢᠯᠯᠠᠭ᠎ᠠ ᠶᠢ | ᠭᠦᠨᠵᠡᠭᠡᠶᠢᠷᠡᠭᠦᠯᠦᠨ ᠪᠣᠳᠠᠲᠠᠶᠢᠵᠢᠭᠤᠯᠬᠤ ᠶᠢ ᠠᠬᠢᠭᠤᠯᠬᠤ ᠬᠡᠷᠡᠭᠲᠡᠢ᠃ ︽ᠬᠠᠷᠢᠶ᠎ᠠ ᠭᠠᠵᠠᠷ ᠲᠤᠨᠢ ᠬᠠᠮᠢᠶᠠᠷᠤᠭᠤᠯᠬᠤ︾ | ᠪᠠ ︽ᠬᠡᠨ ᠭᠤᠣᠯᠯᠠᠨ ᠬᠠᠮᠢᠶᠠᠷᠪᠠᠯ ᠬᠡᠨ ᠬᠠᠷᠢᠭᠤᠴᠠᠬᠤ︾ ᠵᠠᠷᠴᠢᠮ ᠢ ᠪᠠᠷᠢᠮᠲᠠᠯᠠᠵᠤ᠂ ᠡᠳᠦᠷ ᠲᠤᠳᠤᠮ ᠤᠨ | ᠬᠠᠮᠢᠶᠠᠷᠤᠯᠲᠠ ᠪᠠ ᠬᠢᠨᠠᠯᠲᠠ ᠲᠠᠯᠪᠢᠵᠤ ᠬᠠᠤᠯᠢ ᠬᠡᠷᠡᠭᠵᠢᠭᠦᠯᠬᠦ ᠶᠢ ᠬᠠᠮᠵᠢᠯᠴᠠᠨ ᠬᠥᠳᠡᠯᠦᠯᠴᠡᠬᠦ ᠲᠣᠭᠲᠠᠴᠠ ᠶᠢ | ᠪᠦᠷᠢᠨᠰᠢᠬᠦᠯᠵᠦ᠂ 30 ᠡᠳᠦᠷ ᠤᠨ ᠬᠤᠭᠤᠴᠠᠭ᠎ᠠ ᠲᠠᠢ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠪᠠ ᠳ᠋ᠢᠶᠠᠨ | ᡂᠢ ᠶᠢᠨ ᠠᠰᠠᠷ ᠲᠤ ᠣᠷᠣᠵᠤ ᠡᠷᠦᠬᠡ ᠳᠤ ᠣᠷᠣᠬᠤ ᠠᠮᠤᠷ ᠲᠦᠪᠰᠢᠨ ᠤ ᠬᠡᠮ ᠰᠣᠭᠤᠭ ᠢ ᠵᠢᠭᠰᠠᠭᠠᠨ ᠪᠠᠶᠢᠴᠠᠭᠠᠵᠤ | ᠴᠡᠭᠴᠡᠯᠡᠨ ᠵᠠᠰᠠᠬᠤ ᠠᠵᠢᠯᠯᠠᠭ᠎ᠠ ᠶᠢ ᠥᠷᠨᠢᠭᠦᠯᠵᠦ᠂ ︽ᠬᠥᠨᠳᠡᠯᠡᠨ ᠢᠶᠠᠷ ᠵᠠᠬ᠎ᠠ ᠬᠢᠵᠠᠭᠠᠷ ᠲᠤ ᠬᠦᠷᠭᠡᠬᠦ᠂ ᠭᠤᠯᠳᠤ ᠪᠠᠷ | ᠡᠴᠦᠰ ᠲᠤᠨᠢ ᠲᠤᠯᠲᠠᠯ᠎ᠠ ᠬᠢᠬᠦ︾ ᠶᠢ ᠦᠨᠡᠨᠬᠦ ᠪᠡᠶᠡᠯᠡᠭᠦᠯᠵᠦ᠂ ᠠᠷᠠᠳ ᠤᠯᠠᠨ ᠤ ᠠᠮᠢ ᠨᠠᠰᠤ ᠡᠳ᠋ ᠬᠦᠷᠦᠩᠭᠡ ᠶᠢᠨ | ᠠᠮᠤᠷ ᠲᠦᠪᠰᠢᠨ ᠪᠠ ᠨᠡᠶᠢᠭᠡᠮ ᠤᠨ ᠶᠡᠭᠡ ᠲᠠᠯ᠎ᠠ ᠶᠢᠨ ᠲᠣᠭᠲᠠᠭᠤᠨ ᠢ ᠦᠨᠡᠨᠬᠦ ᠪᠠᠲᠤᠯᠠᠬᠤ ᠬᠡᠷᠡᠭᠲᠡᠶ ᠭᠡᠵᠦ ᠵᠢᠭᠠᠨ | ᠭᠠᠷᠭᠠᠭᠰᠠᠨ ᠪᠠᠶᠢᠨ᠎ᠠ᠃ | ᠲᠣᠭᠤᠷᠢᠭ ᠤᠨ ᠵᠠᠰᠠᠭ ᠤᠨ ᠣᠷᠳᠣᠨ ᠤ ᠳᠡᠳ᠋ ᠳᠠᠷᠤᠭ᠎ᠠ ᠯᠢ ᠶᠦᠩ ᠭᠠᠩ᠂ ᠲᠣᠭᠤᠷᠢᠭ ᠤᠨ ᠠᠶᠤᠯᠭᠦᠢ | ᠦᠢᠯᠡᠳᠪᠦᠷᠢᠯᠡᠯ ᠤᠨ ᠵᠥᠪᠯᠡᠯ ᠤᠨ ᠡᠯ᠎ᠡ ᠪᠦᠷᠢᠯᠳᠦᠬᠦᠨ ᠨᠢᠭᠡᠴᠡ ᠶᠢᠨ ᠭᠤᠣᠯ ᠬᠠᠷᠢᠭᠤᠴᠠᠯᠭᠠᠲᠠᠨ ᠨᠥᠬᠦᠳ | ᠬᠤᠷᠠᠯ ᠳᠤ ᠣᠷᠣᠯᠴᠠᠪᠠ᠃ | | | | | | |