ᠬᠠᠤᠯᠢ ᠴᠠᠭᠠᠵᠠ ᠶᠢᠨ ᠲᠤᠰᠠᠯᠠᠮᠵᠢ ᠶᠢᠨ ᠠᠵᠢᠯ ᠤᠨ ᠶᠠᠰᠤ ᠴᠢᠨᠠᠷ ᠢ ᠳᠡᠭᠡᠭᠰᠢᠯᠡᠭᠦᠯᠦᠨ᠎ᠡ
ᠨᠡᠶᠢᠲᠡᠯᠡᠭᠰᠡᠨ ᠴᠠᠭ᠄
2024/7/15
      ᠬᠠᠤᠯᠢ ᠴᠠᠭᠠᠵᠠ ᠶᠢᠨ ᠲᠤᠰᠠᠯᠠᠮᠵᠢ ᠶᠢᠨ ᠬᠡᠷᠡᠭ ᠤᠨ ᠶᠠᠰᠤ ᠴᠢᠨᠠᠷ ᠪᠠ ᠬᠠᠤᠯᠢ ᠴᠠᠭᠠᠵᠠ ᠶᠢᠨ ᠲᠤᠰᠠᠯᠠᠮᠵᠢ ᠶᠢᠨ ᠠᠵᠢᠯ ᠤᠨ ᠬᠢᠷᠢ ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠶᠢᠨ ᠲᠥᠯᠥᠭᠡ᠂ ᠣᠶᠢᠷ᠎ᠠ ᠳᠤ᠂ ᠴᠢᠩᠱᠠᠨ ᠲᠣᠭᠤᠷᠢᠭ ᠤᠨ ᠬᠠᠤᠯᠢ ᠴᠠᠭᠠᠵᠠ ᠶᠢᠨ ᠲᠤᠰᠠᠯᠠᠮᠵᠢ ᠶᠢᠨ ᠲᠥᠪ ᠠᠴᠠ ᠪᠥᠬᠦ  ᠲᠤᠭᠤᠷᠢᠭ ᠤᠨ ᠬᠠᠤᠯᠢ ᠴᠠᠭᠠᠵᠠ ᠶᠢᠨ ᠲᠤᠰᠠᠯᠠᠮᠵᠢ ᠶᠢᠨ ᠠᠵᠢᠯ ᠤᠨ ᠲᠤᠬᠠᠶᠢᠯᠠᠭᠰᠠᠨ ᠠᠵᠢᠯ ᠤᠨ ᠪᠣᠯᠪᠠᠰᠤᠷᠠᠭᠤᠯᠤᠯ ᠢ ᠵᠣᠬᠢᠶᠠᠨ ᠪᠠᠶᠢᠭᠤᠯᠤᠨ ᠥᠷᠨᠢᠭᠦᠯᠵᠦ᠂ ᠴᠢᠩᠱᠠᠨ ᠲᠣᠭᠤᠷᠢᠭ ᠤᠨ 10 ᠬᠠᠤᠯᠢᠴᠢ ᠶᠢᠨ ᠬᠡᠷᠡᠭ ᠡᠷᠬᠢᠯᠡᠬᠦ ᠭᠠᠵᠠᠷ᠂ 2 ᠬᠠᠤᠯᠢ ᠴᠠᠭᠠᠵᠠ ᠶᠢᠨ ᠦᠢᠯᠡᠴᠢᠯᠡᠭᠡᠨ ᠤ ᠭᠠᠵᠠᠷ ᠤᠨ 16 ᠬᠠᠤᠯᠢᠴᠢ ᠶᠢᠨ ᠲᠥᠯᠥᠭᠡᠯᠡᠭᠴᠢ ᠪᠣᠯᠪᠠᠰᠤᠷᠠᠯ ᠳᠤ ᠣᠷᠣᠯᠴᠠᠪᠠ᠃      ᠪᠣᠯᠪᠠᠰᠤᠷᠠᠯ ᠤᠨ ᠬᠤᠷᠠᠯ ᠳᠡᠭᠡᠷ᠎ᠡ 2024 ᠣᠨ ᠤ 3  ᠳ᠋ᠤᠭᠠᠷ ᠰᠠᠷ᠎ᠠ ᠶᠢᠨ ᠬᠠᠤᠯᠢ ᠴᠠᠭᠠᠵᠠ ᠶᠢᠨ ᠲᠤᠰᠠᠯᠠᠮᠵᠢ ᠶᠢᠨ ᠬᠡᠷᠡᠭ ᠤᠨ ᠡᠪᠬᠡᠮᠡᠯ ᠢ ᠰᠤᠭᠤᠴᠢᠨ ᠪᠠᠶᠢᠴᠠᠭᠠᠭᠰᠠᠨ ᠪᠠᠶᠢᠳᠠᠯ ᠢ ᠵᠠᠷᠯᠠᠨ ᠮᠡᠳᠡᠭᠳᠡᠵᠦ᠂ ᠣᠳᠣᠬᠠᠨ ᠤ ᠬᠡᠷᠡᠭ ᠤᠨ ᠡᠪᠬᠡᠮᠡᠯ ᠢ ᠲᠠᠩᠰᠠ ᠡᠪᠬᠡᠮᠡᠯ ᠳᠤ ᠣᠷᠣᠭᠤᠯᠬᠤ ᠠᠵᠢᠯ ᠤᠨ ᠳᠤᠮᠳᠠ ᠢᠯᠡᠷᠡᠭᠰᠡᠨ ᠨᠡᠶᠢᠲᠡᠯᠢᠭ ᠴᠢᠨᠠᠷᠲᠠᠶ ᠠᠰᠠᠭᠤᠳᠠᠯ ᠪᠠ ᠬᠦᠷᠦᠯᠴᠡᠬᠦ ᠥᠬᠡᠶ ᠲᠠᠯ᠎ᠠ ᠶᠢ ᠪᠥᠬᠦ ᠲᠠᠯ᠎ᠠ ᠪᠠᠷ ᠡᠮᠬᠢᠯᠡᠨ ᠳᠢᠭᠯᠡᠭᠰᠡᠨ ᠪᠥᠭᠡᠳ ᠬᠠᠤᠯᠢ ᠴᠠᠭᠠᠵᠠ ᠶᠢᠨ ᠲᠤᠰᠠᠯᠠᠮᠵᠢ ᠶᠢᠨ ᠬᠡᠷᠡᠭ ᠤᠨ ᠶᠠᠰᠤ ᠴᠢᠨᠠᠷ ᠢ ᠬᠡᠷᠬᠢᠨ ᠳᠡᠭᠡᠭᠰᠢᠯᠡᠭᠦᠯᠬᠦ ᠲᠤᠬᠠᠶ ᠰᠠᠨᠠᠯ ᠰᠠᠨᠠᠭᠤᠯᠭ᠎ᠠ ᠳᠤᠷᠠᠳᠪᠠ᠃      ᠲᠣᠰ ᠤᠳᠠᠭᠠᠨ ᠤ ᠪᠣᠯᠪᠠᠰᠤᠷᠠᠯ ᠨᠢ ︽ᠬᠠᠤᠯᠢ ᠴᠠᠭᠠᠵᠠ ᠶᠢᠨ ᠶᠠᠮᠤᠨ ᠤ ᠢᠷᠭᠡᠨ ᠤ ᠬᠡᠷᠡᠭ ᠪᠠ ᠡᠷᠡᠭᠦᠦ ᠶᠢᠨ ᠬᠡᠷᠡᠭ ᠤᠨ ᠬᠠᠤᠯᠢ ᠴᠠᠭᠠᠵᠠ ᠶᠢᠨ ᠲᠤᠰᠠᠯᠠᠮᠵᠢ ᠶᠢᠨ ᠬᠡᠷᠡᠭ ᠤᠨ ᠶᠠᠰᠤ ᠴᠢᠨᠠᠷ ᠢ ᠵᠡᠷᠭᠡ ᠪᠠᠷ ᠤᠷᠤᠭᠰᠢᠯᠠᠭᠤᠯᠬᠤ ᠶᠢ ᠦᠨᠡᠯᠡᠨ ᠵᠢᠱᠢᠬᠦ ᠲᠦᠷᠢᠮ︾ ᠵᠢᠴᠢ ᠬᠡᠷᠡᠭᠯᠡᠬᠦ ᠬᠡᠪᠴᠢᠶ᠎ᠡ ᠳᠤ ᠲᠣᠰ ᠲᠣᠰ ᠭᠦᠨᠵᠡᠭᠡᠶ ᠲᠠᠶᠢᠯᠤᠮᠵᠢ ᠬᠢᠭᠰᠡᠨ ᠪᠥᠭᠡᠳ ᠬᠡᠷᠡᠭ ᠤᠨ ᠡᠪᠬᠡᠮᠡᠯ ᠢ ᠡᠮᠬᠢᠯᠡᠬᠦ᠂ ᠳᠡᠪᠲᠡᠷᠯᠡᠬᠦ᠂ ᠲᠠᠩᠰᠠ ᠡᠪᠬᠡᠮᠡᠯ ᠳᠤ ᠣᠷᠣᠭᠤᠯᠬᠤ ᠤᠷ᠎ᠠ ᠮᠡᠷᠭᠡᠵᠢᠯ ᠪᠠ ᠠᠩᠬᠠᠷᠬᠤ ᠵᠦᠢᠯᠡᠰ ᠤᠨ ᠲᠣᠭᠤᠷᠢᠨ ᠳᠤ ᠪᠣᠳᠠᠲᠠᠶ ᠠᠵᠢᠯᠯᠠᠭ᠎ᠠ ᠶᠢᠨ ᠲᠤᠰᠬᠠᠶ ᠰᠡᠳᠦᠪᠲᠦ ᠪᠣᠯᠪᠠᠰᠤᠷᠠᠯ ᠬᠢᠭᠰᠡᠨ ᠪᠠᠶᠢᠨ᠎ᠠ᠃      ᠬᠠᠤᠯᠢ ᠴᠠᠭᠠᠵᠠ ᠶᠢᠨ ᠲᠤᠰᠠᠯᠠᠮᠵᠢ ᠶᠢ ᠳᠠᠭᠠᠭᠠᠨ ᠠᠪᠴᠤ ᠭᠦᠢᠴᠡᠳᠬᠡᠬᠦ ᠠᠵᠢᠯᠲᠠᠳ ᠬᠡᠷᠡᠭ ᠰᠢᠢᠳᠪᠦᠷᠢᠯᠡᠬᠦ ᠶᠠᠪᠤᠴᠠ ᠳᠤ᠂ ᠳᠡᠰ ᠳᠠᠷᠠᠭᠠᠯᠠᠯ ᠤᠨ ᠳᠦᠷᠢᠮ ᠢ ᠴᠢᠩᠭ᠎ᠠ ᠵᠢᠷᠤᠮᠯᠠᠨ ᠬᠠᠤᠯᠢ ᠴᠠᠭᠠᠵᠠ ᠶᠢᠨ ᠲᠤᠰᠠᠯᠠᠮᠵᠢ ᠶᠢᠨ ᠬᠡᠷᠡᠭ ᠢ ᠰᠢᠢᠳᠪᠦᠷᠢᠯᠡᠵᠦ᠂ ᠶᠠᠰᠤ ᠴᠢᠨᠠᠷ ᠤᠨ ᠪᠣᠭᠤᠮᠲᠠ ᠶᠢ ᠴᠢᠩᠭ᠎ᠠ ᠠᠳᠬᠤᠬᠤ ᠶᠢᠨ ᠬᠠᠮᠲᠤ ᠪᠠᠰᠠ ᠲᠤᠰ ᠤᠳᠠᠭᠠᠨ ᠤ ᠪᠣᠯᠪᠠᠰᠤᠷᠠᠯ ᠢᠶᠠᠷ ᠰᠢᠨ᠎ᠡ ᠡᠬᠢᠯᠡᠯᠲᠡ ᠪᠣᠯᠭᠠᠵᠤ᠂ ᠦᠵᠡᠯ ᠰᠠᠨᠠᠭᠠᠨ ᠤ ᠲᠠᠯ᠎ᠠ ᠪᠠᠷ ᠶᠡᠭᠡ ᠲᠠᠯ᠎ᠠ ᠶᠢᠨ ᠤᠬᠠᠮᠰᠠᠷ᠂ ᠦᠢᠯᠡᠴᠢᠯᠡᠭᠡᠨ ᠤ ᠤᠬᠠᠮᠰᠠᠷ ᠢ ᠪᠠᠲᠤ ᠪᠠᠬᠢ ᠪᠤᠢ ᠪᠣᠯᠭᠠᠵᠤ᠂ ᠬᠠᠤᠯᠢ ᠴᠠᠭᠠᠵᠠ ᠶᠢᠨ ᠲᠤᠰᠠᠯᠠᠮᠵᠢ ᠶᠢᠨ ᠲᠤᠬᠠᠶᠢᠯᠠᠭᠰᠠᠨ ᠠᠵᠢᠯ ᠤᠨ ᠴᠢᠳᠠᠪᠤᠷᠢ  ᠪᠠ ᠠᠵᠢᠯ ᠤᠨ ᠬᠢᠷᠢ ᠬᠡᠮᠵᠢᠶ᠎ᠡ ᠪᠠᠨ ᠦᠨᠡᠨ ᠬᠦ ᠴᠢᠩᠭᠠᠳᠬᠠᠵᠤ᠂  ᠠᠷᠠᠳ ᠣᠯᠠᠨ ᠳᠤ ᠲᠥᠪ ᠭᠤᠣᠯᠴᠢ ᠰᠢᠳᠤᠷᠭᠤ ᠶᠣᠰᠣ ᠶᠢ ᠮᠡᠳᠡᠷᠡᠭᠦᠯᠬᠦ ᠪᠠᠷ  ᠴᠢᠷᠮᠠᠶᠢᠨ᠎ᠠ᠃      ᠣᠳᠣᠬᠠᠨ ᠪᠣᠯᠲᠠᠯ᠎ᠠ᠂ ᠬᠠᠤᠯᠢ ᠴᠠᠭᠠᠵᠠ ᠶᠢᠨ ᠲᠤᠰᠠᠯᠠᠮᠵᠢ ᠶᠢᠨ ᠬᠡᠷᠡᠭ ᠢ ᠨᠡᠶᠢᠲᠡ 265 ᠬᠤᠪᠢ ᠭᠥᠯᠢᠶᠡᠨ ᠠᠪᠴᠤ ᠰᠢᠢᠳᠪᠦᠷᠢᠯᠡᠵᠡᠶ᠂ ᠡᠭᠦᠨ ᠳᠤ ᠢᠷᠭᠡᠨ ᠤ ᠬᠡᠷᠡᠭ 52 ᠬᠤᠪᠢ᠂ ᠡᠷᠡᠭᠦᠦ ᠶᠢᠨ ᠬᠡᠷᠡᠭ 213 ᠬᠤᠪᠢ ᠪᠠᠶᠢᠵᠤ᠂ ᠬᠠᠤᠯᠢ ᠴᠠᠭᠠᠵᠠ ᠶᠢᠨ ᠯᠠᠪᠯᠠᠭ᠎ᠠ ᠳᠤ 800 ᠭᠠᠷᠤᠶ ᠬᠤᠪᠢ᠂ 1171 ᠬᠥᠮᠦᠨ ᠤᠳᠠᠭ᠎ᠠ ᠳᠤ ᠬᠠᠷᠢᠭᠤᠯᠲᠠ ᠥᠭᠴᠦ᠂ ᠬᠠᠤᠯᠢ ᠴᠠᠭᠠᠵᠠ ᠶᠢᠨ ᠲᠤᠰᠠᠯᠠᠮᠵᠢ ᠶᠢᠨ ᠤᠬᠠᠭᠤᠯᠭ᠎ᠠ ᠶᠢᠨ ᠠᠵᠢᠯᠯᠠᠭ᠎ᠠ ᠶᠢ 10 ᠭᠠᠷᠤᠶ ᠤᠳᠠᠭ᠎ᠠ ᠥᠷᠨᠢᠭᠦᠯᠵᠦ᠂ 500 ᠭᠠᠷᠤᠶ ᠬᠤᠪᠢ ᠤᠬᠠᠭᠤᠯᠭ᠎ᠠ ᠶᠢᠨ ᠮᠠᠲ᠋ᠧᠷᠢᠶᠠᠯ ᠢ ᠲᠠᠷᠬᠠᠭᠠᠪᠠ᠃ 
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号