6 ᠰᠠᠷ᠎ᠠ ᠶᠢᠨ 26 ᠤ ᠡᠳᠦᠷ᠂ ᠪᠦᠬᠦ ᠲᠤᠭᠤᠷᠢᠭ ᠤᠨ ᠤᠳᠤᠷᠢᠳᠬᠤ ᠺᠠᠳ᠋ᠷ ᠤᠨ ᠰᠡᠷᠡᠮᠵᠢᠯᠡᠭᠦᠯᠬᠦ | ᠬᠥᠮᠦᠵᠢᠯ ᠤᠨ ᠬᠤᠷᠠᠯ ᠬᠤᠷᠠᠯᠳᠤᠵᠤ᠂ ᠬᠤᠳᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ᠂ ᠲᠤᠭᠤᠷᠢᠭ ᠤᠨ ᠨᠠᠮ ᠤᠨ ᠬᠤᠷᠢᠶᠠᠨ ᠤ ᠱᠦᠵᠢ ᠳ᠋ᠢᠩ ᠺᠠᠢ | ᠰᠠᠬᠢᠯᠭ᠎ᠠ ᠪᠠᠲᠤ ᠨᠠᠮ ᠤᠨ ᠬᠢᠴᠢᠶᠡᠯ ᠢ ᠡᠷᠬᠢᠯᠡᠪᠡ᠃ | ᠬᠤᠷᠠᠯ ᠳᠡᠭᠡᠷ᠎ᠡ᠂ ᠲᠤᠭᠤᠷᠢᠭ ᠤᠨ ᠨᠠᠮ ᠤᠨ ᠬᠤᠷᠢᠶᠠᠨ ᠤ ᠳᠡᠳ᠋ ᠱᠦᠵᠢ᠂ ᠵᠠᠰᠠᠭ ᠤᠨ ᠣᠷᠳᠣᠨ ᠤ ᠳᠠᠷᠤᠭ᠎ᠠ | ᠪᠠᠶ ᠶᠦᠨ ᠰᠢ ᠶᠡᠷᠦᠩᠬᠡᠶ ᠱᠦᠵᠢ ᠰᠢ ᠶᠢᠨ ᠫᠢᠩ ᠤᠨ ᠨᠠᠮ ᠤᠨ ᠰᠠᠬᠢᠯᠭ᠎ᠠ ᠪᠠᠲᠤ ᠶᠢᠨ ᠪᠠᠶᠢᠭᠤᠯᠤᠯᠲᠠ ᠶᠢ ᠪᠥᠬᠦ | ᠲᠠᠯ᠎ᠠ ᠪᠠᠷ ᠴᠢᠩᠭᠠᠳᠬᠠᠬᠤ ᠲᠤᠬᠠᠶ ᠴᠢᠬᠤᠯᠠ ᠥᠭᠦᠯᠡᠯᠲᠡ ᠶᠢ ᠤᠯᠠᠮᠵᠢᠯᠠᠪᠠ᠃ ᠲᠣᠭᠤᠷᠢᠭ ᠤᠨ ᠨᠠᠮ ᠤᠨ | ᠬᠤᠷᠢᠶᠠᠨ ᠤ ᠪᠠᠶᠢᠩᠭᠤ ᠶᠢᠨ ᠭᠡᠰᠢᠭᠦᠨ᠂ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ ᠤ ᠱᠦᠵᠢ᠂ ᠬᠢᠨᠠᠨ ᠪᠠᠶᠢᠴᠠᠭᠠᠬᠤ | ᠵᠥᠪᠯᠡᠯ ᠤᠨ ᠡᠷᠬᠢᠯᠡᠭᠴᠢ ᠰᠣᠶᠣᠯᠲᠤ ᠪᠥᠬᠦ ᠲᠣᠭᠤᠷᠢᠭ ᠤᠨ ᠰᠠᠬᠢᠯᠭ᠎ᠠ ᠪᠠᠲᠤ ᠶᠢ ᠵᠥᠷᠢᠴᠡᠭᠰᠡᠨ ᠨᠡᠶᠢᠲᠡᠯᠢᠭ | ᠬᠡᠷᠡᠭ ᠤᠨ ᠵᠢᠱᠢᠶ᠎ᠡ ᠪᠠ ᠰᠠᠬᠢᠯᠭ᠎ᠠ ᠪᠠᠲᠤ ᠶᠢ ᠬᠢᠨᠠᠨ ᠪᠠᠶᠢᠴᠠᠭᠠᠭᠰᠠᠨ ᠠᠵᠢᠯ ᠤᠨ ᠪᠠᠶᠢᠳᠠᠯ ᠢ ᠵᠠᠷᠯᠠᠨ ᠮᠡᠳᠡᠭᠳᠡᠭᠰᠡᠨ | ᠪᠥᠭᠡᠳ ᠵᠠᠳᠠᠯᠤᠯᠲᠠ ᠬᠢᠵᠡᠶ᠃ ᠬᠤᠷᠠᠯ ᠳᠤ ᠣᠷᠣᠯᠴᠠᠭᠰᠠᠳ ᠰᠡᠷᠡᠮᠵᠢᠯᠡᠭᠦᠯᠬᠦ ᠬᠥᠮᠦᠵᠢᠯ ᠤᠨ ᠹᠢᠯᠢᠮ ︽ᠰᠠᠬᠢᠯᠭ᠎ᠠ | ᠪᠠᠲᠤ ᠶᠢᠨ ᠬᠠᠮᠠᠭᠠᠯᠠᠯᠲᠠ︾ ᠶᠢ ᠲᠥᠪᠯᠡᠷᠡᠭᠦᠯᠦᠨ ᠦᠵᠡᠪᠡ᠃ | ᠳ᠋ᠢᠩ ᠺᠠᠶ ᠡᠩ ᠲᠡᠷᠢᠭᠦᠨ ᠳᠤ ᠬᠡᠷᠡᠭ ᠤᠨ ᠵᠢᠱᠢᠶ᠎ᠡ ᠪᠠ ᠰᠡᠷᠡᠮᠵᠢᠯᠡᠭᠦᠯᠬᠦ ᠬᠥᠮᠦᠵᠢᠯ ᠤᠨ ᠹᠢᠯᠢᠮ ᠢ | ᠮᠡᠳᠡᠭᠳᠡᠬᠦ ᠶᠢᠨ ᠲᠣᠭᠤᠷᠢᠨ ᠳᠤ ᠵᠠᠳᠠᠯᠤᠯᠲᠠ ᠬᠢᠪᠠ᠃ ᠲᠡᠷᠡ ᠬᠡᠯᠡᠭᠰᠡᠨ ᠨᠢ᠂ ᠡᠳᠡᠭᠡᠷ ᠡᠰᠡᠷᠭᠦ ᠲᠠᠯ᠎ᠠ ᠶᠢᠨ ᠨᠡᠶᠢᠲᠡᠯᠢᠭ | ᠬᠡᠷᠡᠭ ᠤᠨ ᠵᠢᠱᠢᠶ᠎ᠡ ᠠᠴᠠ ᠦᠵᠡᠪᠡᠯ ᠬᠦᠰᠡᠯᠡᠩ ᠢᠲᠡᠭᠡᠯ ᠪᠢᠰᠢᠷᠡᠯ ᠳᠤᠲᠠᠭᠳᠠᠭᠰᠠᠨ ᠪᠠᠶᠢᠨ᠎ᠠ᠂ ᠭᠡᠪᠡᠴᠦ ᠪᠠᠰᠠ | ᠬᠢᠵᠠᠭᠠᠷᠯᠠᠯ ᠢ ᠰᠤᠯᠠᠷᠠᠭᠤᠯᠵᠤ᠂ ᠪᠠᠭ᠎ᠠ ᠶᠠᠪᠤᠳᠠᠯ ᠢ ᠴᠢᠬᠤᠯᠠᠴᠢᠯᠠᠬᠤ ᠦᠭᠡᠢ᠂ ᠪᠠᠭ᠎ᠠ ᠶᠠᠪᠤᠳᠠᠯ ᠢ ᠰᠠᠬᠢᠬᠤ ᠦᠭᠡᠢ | ᠳᠡᠭᠡᠷ᠎ᠡ ᠰᠠᠨᠠᠭ᠎ᠠ ᠲᠠᠯᠪᠢᠬᠤ ᠦᠭᠡᠢ᠂ ᠳᠤᠷ᠎ᠠ ᠪᠠᠷ ᠲᠠᠯᠪᠢᠵᠦ᠂ ᠬᠠᠤᠯᠢ ᠰᠠᠬᠢᠯᠭ᠎ᠠ ᠶᠢ ᠪᠢᠰᠢᠷᠡᠨ ᠵᠢᠷᠦᠬᠡᠰᠢᠶᠡᠬᠦ | ᠰᠡᠳᠬᠢᠯᠭᠡ ᠪᠠᠨ ᠠᠯᠬᠤᠮ ᠠᠯᠬᠤᠮ ᠢᠶᠠᠷ ᠠᠯᠳᠠᠵᠠᠶ᠃ ᠪᠢᠳᠡ ᠡᠰᠡᠷᠭᠦ ᠲᠠᠯ᠎ᠠ ᠶᠢᠨ ᠬᠡᠷᠡᠭ ᠤᠨ ᠵᠢᠱᠢᠶ᠎ᠡ ᠪᠠᠷ ᠲᠤᠯᠢ | ᠪᠣᠯᠭᠠᠵᠤ᠂ ᠰᠡᠷᠡᠮᠵᠢᠯᠡᠭᠦᠯᠬᠦ ᠳᠤᠮᠳᠠ ᠰᠡᠷᠡᠮᠵᠢ ᠲᠠᠢ ᠪᠠᠶᠢᠵᠤ᠂ ᠭᠦᠨᠵᠡᠭᠡᠢ ᠰᠤᠷᠭᠠᠮᠵᠢ ᠠᠪᠴᠤ᠂ ᠨᠠᠮ ᠤᠨ ᠲᠣᠭᠲᠠᠭᠠᠯ | ᠨᠠᠮ ᠤᠨ ᠰᠠᠬᠢᠯᠭ᠎ᠠ ᠪᠠᠲᠤ ᠲᠠᠢ ᠬᠠᠷᠢᠴᠠᠭᠤᠯᠤᠨ ᠢᠯᠡᠭᠦᠬᠡᠨ ︽ᠲᠣᠯᠢ︾ ᠪᠤᠯᠭᠠᠵᠦ᠂ ᠢᠯᠡᠭᠦᠬᠡᠨ ᠪᠠᠶᠢᠴᠠᠭᠠᠨ ᠦᠵᠡᠵᠦ᠂ | ᠢᠯᠡᠭᠦᠬᠡᠨ ᠡᠷᠭᠢᠴᠡᠭᠦᠯᠦᠨ ᠪᠤᠳᠤᠵᠤ᠂ ᠠᠷᠢᠭᠤᠨ ᠴᠢᠬᠡᠴᠢ ᠪᠠᠷ ᠪᠡᠶ᠎ᠡ ᠪᠠᠨ ᠪᠠᠷᠢᠬᠤ ᠡᠨᠡ ᠬᠦ ᠬᠥᠪᠴᠢ ᠶᠢ ᠴᠠᠭ | ᠢᠮᠠᠭᠲᠠ ᠴᠢᠩᠭᠠᠯᠠᠵᠤ᠂ ᠥᠪᠡᠷ ᠢ ᠪᠠᠨ ᠬᠢᠵᠠᠭᠠᠷᠯᠠᠬᠤ ᠶᠢ ᠰᠤᠯᠠᠷᠠᠭᠤᠯᠵᠤ ᠪᠠᠶᠢᠬᠤ ᠡᠰᠡᠬᠦ᠂ ᠰᠠᠬᠢᠯᠭ᠎ᠠ ᠪᠠᠲᠤ ᠶᠢᠨ | ᠬᠤᠷᠢᠭ᠎ᠠ ᠱᠤᠭᠤᠮ ᠢ ᠬᠥᠨᠳᠡᠬᠦ ᠡᠰᠡᠬᠦ᠂ ᠬᠠᠤᠯᠢ ᠴᠠᠭᠠᠵᠠ ᠶᠢᠨ ᠤᠯᠠᠭᠠᠨ ᠱᠤᠭᠤᠮ ᠢ ᠳᠠᠪᠠᠵᠤ ᠪᠠᠶᠢᠬᠤ ᠡᠰᠡᠬᠦ᠂ | ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠳᠤ ᠬᠤᠶᠢᠷᠭᠤᠰᠢᠵᠤ ᠪᠠᠶᠢᠬᠤ ᠡᠰᠡᠬᠦ ᠶᠢ ᠦᠷᠭᠦᠯᠵᠢ ᠰᠠᠨᠠᠭᠤᠯᠵᠤ᠂ | ᠢᠮᠠᠭᠲᠠ ᠪᠢᠰᠢᠷᠡᠨ ᠵᠢᠷᠦᠬᠡᠰᠢᠶᠡᠬᠦ ᠶᠢ ᠮᠡᠳᠡᠬᠦ᠂ ᠰᠡᠷᠡᠮᠵᠢᠯᠡᠨ ᠴᠡᠭᠡᠷᠯᠡᠬᠦ᠂ ᠬᠤᠷᠢᠭ᠎ᠠ ᠱᠤᠭᠤᠮ ᠢ ᠰᠠᠬᠢᠬᠤ ᠶᠢ | ᠪᠡᠶᠡᠯᠡᠭᠦᠯᠬᠦ ᠬᠡᠷᠡᠭᠲᠡᠢ ᠭᠡᠪᠡ᠃ | ᠳ᠋ᠢᠩ ᠺᠠᠶ ᠡᠳᠦᠷ ᠲᠤᠲᠤᠮ ᠤᠨ ᠠᠵᠢᠯ ᠤᠨ ᠳᠤᠮᠳᠠ ᠪᠠ ᠰᠡᠷᠡᠮᠵᠢᠯᠡᠭᠦᠯᠬᠦ ᠬᠥᠮᠦᠵᠢᠯ ᠤᠨ ᠹᠢᠯᠢᠮ ᠤᠨ | ᠳᠤᠮᠳᠠ ᠲᠤᠰᠬᠠᠭᠰᠠᠨ ᠰᠤᠷᠲᠠᠯ ᠤᠨ ᠲᠣᠪᠤᠶᠢᠮ᠎ᠠ ᠠᠰᠠᠭᠤᠳᠠᠯ ᠲᠠᠢ ᠤᠶᠠᠯᠳᠤᠭᠤᠯᠤᠨ᠂ ᠳᠥᠷᠪᠡᠨ ᠲᠠᠯ᠎ᠠ ᠪᠠᠷ | ᠭᠦᠨᠵᠡᠭᠡᠶ ᠵᠠᠳᠠᠯᠤᠯᠲᠠ ᠬᠢᠵᠦ᠂ ᠪᠥᠬᠦ ᠲᠤᠭᠤᠷᠢᠭ ᠤᠨ ᠨᠠᠮ ᠤᠨ ᠭᠡᠰᠢᠭᠦᠨ ᠺᠠᠳ᠋ᠷᠴᠤᠳ ᠤᠨ ᠨᠢᠭᠡ ᠠᠴᠠ ᠵᠦᠢᠴᠢᠯᠡᠵᠦ | ᠨᠥᠬᠦᠭᠡ ᠶᠢ ᠮᠡᠳᠡᠵᠦ᠂ ᠬᠠᠨᠳᠤᠯᠭᠠᠲᠤ ᠴᠢᠨᠠᠷᠲᠠᠶ ᠪᠠᠷ ᠰᠠᠶᠢᠵᠢᠷᠠᠭᠤᠯᠬᠤ ᠬᠡᠷᠡᠭᠲᠡᠶ ᠭᠡᠵᠦ ᠱᠠᠭᠠᠷᠳᠠᠪᠠ᠃ ᠲᠡᠷᠡ᠂ ᠲᠣᠰ | ᠬᠦᠷᠢᠶ᠎ᠡ ᠴᠠᠷᠠᠭ᠎ᠠ ᠲᠣᠰ ᠠᠵᠢᠯ ᠲᠥᠷᠥᠯ ᠤᠨ ᠢᠶᠠᠨ ᠰᠢᠨ᠎ᠡ ᠲᠥᠷᠥ ᠶᠢᠨ ᠪᠣᠳᠣᠯᠭ᠎ᠠ ᠰᠢᠨ᠎ᠡ ᠮᠡᠳᠡᠯᠭᠡ ᠶᠢ | ᠲᠠᠰᠤᠷᠠᠯᠲᠠ ᠥᠬᠡᠶ ᠰᠤᠷᠤᠯᠴᠠᠨ ᠴᠠᠭ ᠲᠤᠬᠠᠶ ᠳᠤᠨᠢ ᠡᠵᠡᠮᠰᠢᠵᠦ᠂ ᠥᠪᠡᠷ ᠢ ᠪᠠᠨ ᠦᠨᠡᠨ ᠬᠦ ︽ᠦᠢᠯᠡ ᠶᠠᠪᠤᠳᠠᠯ ᠢ | ᠣᠶᠢᠯᠠᠭᠠᠬᠤ︾ ᠤᠳᠤᠷᠢᠳᠤᠯᠭ᠎ᠠ ᠪᠣᠯᠭᠠᠬᠤ ᠬᠡᠷᠡᠭᠲᠡᠶ᠃ ᠠᠷᠠᠳ ᠤᠯᠠᠨ ᠤ ᠠᠰᠢᠭ ᠲᠤᠰᠠ ᠶᠢ ᠢᠮᠠᠭᠲᠠ ᠲᠡᠷᠢᠭᠦᠨ | ᠪᠠᠶᠢᠷᠢᠨ ᠳᠤ ᠲᠠᠯᠪᠢᠵᠤ᠂ ᠤᠯᠠᠨ ᠲᠦᠮᠡᠨ ᠤ ᠬᠦᠰᠡᠯ ᠱᠠᠭᠠᠷᠳᠠᠯᠭ᠎ᠠ ᠶᠢ ᠨᠠᠷᠢᠨ ᠬᠢᠨᠠᠮᠠᠭᠠᠢ ᠰᠣᠨᠣᠰᠴᠤ᠂ ᠤᠯᠠᠨ | ᠲᠦᠮᠡᠨ ᠤ ᠬᠠᠷᠠᠭᠠᠰᠤ ᠠᠴᠠ ᠠᠰᠠᠭᠤᠳᠠᠯ ᠢ ᠦᠵᠡᠵᠦ᠂ ᠤᠴᠢᠷ ᠶᠠᠪᠤᠳᠠᠯ ᠢ ᠰᠢᠢᠳᠪᠦᠷᠢᠯᠡᠵᠦ᠂ ᠤᠯᠠᠨ ᠲᠦᠮᠡᠨ ᠤ | ᠶᠠᠪᠤᠳᠠᠯ ᠢ ᠥᠪᠡᠷ ᠤᠨ ᠶᠠᠪᠤᠳᠠᠯ ᠢᠶᠠᠨ ᠪᠣᠯᠭᠠᠨ ᠪᠣᠳᠠᠲᠠᠢ ᠬᠢᠵᠦ᠂ ᠰᠠᠶᠢᠲᠤᠷ ᠬᠢᠬᠦ ᠬᠡᠷᠡᠭᠲᠡᠢ᠃ ᠲᠡᠮᠡᠴᠡᠯ ᠤᠨ ᠵᠣᠷᠢᠭ | ᠰᠠᠨᠠᠭ᠎ᠠ ᠶᠢ ᠪᠠᠳᠠᠷᠠᠭᠤᠯᠵᠤ᠂ ᠵᠥᠪ ᠪᠤᠷᠤᠭᠤ ᠶᠢᠨ ᠡᠮᠦᠨ᠎ᠡ ᠵᠣᠷᠢᠭᠲᠠᠶ ᠪᠠᠷ ᠬᠠᠲᠠᠭᠤ ᠲᠠᠢ ᠬᠠᠯᠳᠠᠵᠤ᠂ ᠵᠠᠷᠴᠢᠮ ᠤᠨ | ᠡᠮᠦᠨ᠎ᠡ ᠥᠴᠦᠬᠡᠨ ᠴᠦ ᠨᠠᠶᠢᠷ ᠲᠠᠯᠪᠢᠬᠤ ᠥᠬᠡᠶ ᠪᠠᠶᠢᠬᠤ ᠬᠡᠷᠡᠭᠲᠡᠶ᠃ ᠲᠠᠩᠰᠠ ᠮᠡᠳᠡᠭᠦᠯᠬᠦ ᠤᠬᠠᠮᠰᠠᠷ᠂ ᠰᠢᠯᠭᠠᠯᠲᠠ | ᠲᠤᠰᠢᠶᠠᠬᠤ ᠤᠬᠠᠮᠰᠠᠷ ᠢᠶᠠᠨ ᠴᠢᠩᠭᠠᠳᠬᠠᠵᠤ᠂ ᠣᠨᠣᠪᠴᠢᠲᠠᠶ ᠦᠵᠡᠵᠦ ᠪᠠᠶᠢᠬᠤ ᠬᠡᠷᠡᠭᠲᠡᠶ | ᠴᠢᠬᠤᠯᠠᠴᠢᠯᠠᠭᠰᠠᠨ ᠪᠠᠶᠢᠨ᠎ᠠ᠃ | ᠳ᠋ᠢᠩ ᠺᠠᠢ᠂ ᠴᠢᠩᠭ᠎ᠠ ᠭᠤᠣᠯ ᠬᠦᠭ ᠠᠶᠠᠰ ᠢ ᠭᠤᠶᠢᠪᠢᠰᠢ ᠦᠭᠡᠢ ᠪᠠᠷᠢᠮᠲᠠᠯᠠᠵᠤ᠂ ᠨᠠᠮ ᠤᠨ ᠰᠤᠷᠲᠠᠯ ᠤᠨ ᠪᠠ | ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠶᠢᠨ ︽ᠬᠤᠶᠠᠷ ᠬᠠᠷᠢᠭᠤᠴᠠᠯᠭ᠎ᠠ︾᠂ ᠨᠠᠮ ᠤᠨ ᠵᠣᠬᠢᠶᠠᠨ | ᠪᠠᠶᠢᠭᠤᠯᠤᠯᠲᠠ ᠶᠢᠨ ᠱᠦᠵᠢ ᠶᠢᠨ ︽ᠨᠢᠭᠡᠳᠦᠭᠡᠷ ᠬᠠᠷᠢᠭᠤᠴᠠᠯᠭᠠᠲᠠᠨ︾ ᠤ ᠬᠠᠷᠢᠭᠤᠴᠠᠯᠭ᠎ᠠ ᠪᠣᠯᠤᠨ ᠪᠠᠭ ᠤᠨ | ᠪᠦᠷᠢᠯᠳᠦᠬᠦᠨ ᠤ ︽ᠨᠢᠭᠡ ᠠᠵᠢᠯ ᠤᠨ ᠪᠠᠶᠢᠷᠢ ᠬᠤᠶᠠᠷ ᠬᠠᠷᠢᠭᠤᠴᠠᠯᠭ᠎ᠠ︾ ᠶᠢ ᠪᠠᠲᠤᠳᠬᠠᠵᠤ᠂ ᠦᠨᠡᠨᠬᠦ ᠬᠠᠮᠢᠶᠠᠷᠴᠤ | ᠵᠣᠷᠢᠭᠲᠠᠢ ᠪᠠᠷ ᠴᠢᠩᠭ᠎ᠠ ᠪᠠᠶᠢᠬᠤ ᠬᠡᠷᠡᠭᠲᠡᠢ᠃ ᠰᠠᠬᠢᠯᠭ᠎ᠠ ᠪᠠᠲᠤ ᠶᠢᠨ ᠪᠠᠶᠢᠭᠤᠯᠤᠯᠲᠠ ᠶᠢ ᠴᠢᠩᠭᠠᠳᠬᠠᠵᠤ᠂ ᠨᠠᠮ ᠤᠨ | ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢ ᠨᠢᠭᠡ ᠴᠤᠬᠴᠠᠵᠢᠭᠤᠯᠤᠨ ᠰᠠᠶᠢᠲᠤᠷ ᠠᠳᠬᠤᠵᠤ᠂ ᠬᠡᠯᠪᠡᠷᠢᠴᠢ | ᠦᠵᠡᠯ ᠢ ᠴᠡᠭᠴᠡᠯᠡᠨ ᠵᠠᠰᠠᠵᠤ ᠦᠨᠳᠦᠰᠦᠨ ᠱᠠᠲᠤᠨ ᠤ ᠳᠠᠷᠤᠭᠠᠰᠤ ᠶᠢ ᠬᠥᠩᠭᠡᠷᠡᠭᠦᠯᠬᠦ᠂ ᠤᠯᠠᠨ ᠲᠦᠮᠡᠨ ᠤ | ᠳᠡᠷᠭᠡᠳᠡᠬᠢ ᠲᠥᠪ ᠪᠤᠰᠤ ᠰᠤᠷᠲᠠᠯ ᠪᠣᠯᠤᠨ ᠢᠯᠵᠠᠷᠠᠯ ᠤᠨ ᠠᠰᠠᠭᠤᠳᠠᠯ ᠢ ᠲᠥᠪᠯᠡᠷᠡᠭᠦᠯᠦᠨ ᠴᠡᠭᠴᠡᠯᠡᠨ ᠵᠠᠰᠠᠬᠤ | ᠭᠤᠷᠪᠠᠨ ᠵᠦᠢᠯ ᠤᠨ ᠠᠵᠢᠯ ᠢ ᠲᠥᠪᠯᠡᠷᠡᠭᠦᠯᠦᠨ ᠴᠡᠭᠴᠡᠯᠡᠨ ᠵᠠᠰᠠᠵᠤ᠂ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ | ᠲᠠᠰᠤᠷᠠᠯᠳᠠ ᠦᠭᠡᠢ ᠦᠨᠳᠦᠰᠦᠨ ᠱᠠᠳᠤ ᠲᠡᠶᠢᠰᠢ ᠤᠷᠲᠤᠳᠬᠠᠬᠤ ᠶᠢ ᠠᠬᠢᠭᠤᠯᠵᠤ᠂ ᠰᠠᠬᠢᠯᠭ᠎ᠠ ᠪᠠᠲᠤ ᠶᠣᠰᠣ | ᠲᠦᠷᠢᠮ ᠢ ᠦᠨᠡᠨ ᠬᠦ ᠲᠣᠭᠲᠠᠭᠠᠬᠤ ᠬᠡᠷᠡᠭᠲᠡᠢ᠃ ᠴᠢᠩᠭ᠎ᠠ ᠬᠠᠮᠢᠶᠠᠷᠴᠤ ᠬᠠᠶᠢᠷᠠᠯᠠᠨ ᠬᠠᠯᠠᠮᠵᠢᠯᠠᠬᠤ ᠶᠢ | ᠤᠶᠠᠯᠳᠤᠭᠤᠯᠬᠤ ᠶᠢ ᠪᠠᠷᠢᠮᠲᠠᠯᠠᠵᠤ᠂ ︽ᠭᠤᠷᠪᠠ ᠶᠢ ᠢᠯᠭᠠᠨ ᠰᠠᠯᠭᠠᠬᠤ︾ ᠶᠢ ᠴᠢᠩᠭ᠎ᠠ ᠨᠠᠶᠢᠳᠠᠪᠤᠷᠢᠵᠢᠭᠤᠯᠵᠤ᠂ ᠺᠠᠳ᠋ᠷ ᠤᠨ | ᠬᠠᠷᠢᠭᠤᠴᠠᠯᠭ᠎ᠠ ᠡᠭᠦᠷᠭᠡᠯᠡᠨ ᠵᠢᠳᠬᠦᠯ ᠴᠢᠷᠮᠠᠶᠢᠯᠭ᠎ᠠ ᠭᠠᠷᠭᠠᠬᠤ ᠶᠢ ᠤᠷᠮᠠᠰᠢᠭᠤᠯᠬᠤ ᠪᠠ ᠬᠠᠮᠠᠭᠠᠯᠠᠬᠤ ᠲᠣᠭᠲᠠᠴᠠ ᠶᠢ | ᠲᠡᠭᠦᠯᠳᠡᠷᠵᠢᠭᠦᠯᠦᠨ ᠨᠠᠷᠢᠯᠢᠬᠵᠢᠭᠤᠯᠵᠤ᠂ ᠪᠣᠳᠠᠲᠠᠢ ᠠᠵᠢᠯᠯᠠᠵᠤ ᠬᠠᠷᠢᠭᠤᠴᠠᠯᠭ᠎ᠠ ᠡᠭᠦᠷᠭᠡᠯᠡᠬᠦ ᠠᠵᠢᠯ ᠤᠨ | ᠤᠳᠤᠷᠢᠳᠤᠮᠵᠢ ᠶᠢ ᠲᠤᠪᠤᠶᠢᠯᠭᠠᠨ᠂ ᠺᠠᠳ᠋ᠷ ᠤᠨ ︽ᠲᠤᠷᠰᠢᠨ ᠬᠡᠷᠡᠭᠯᠡᠬᠦ ᠬᠤᠭᠤᠴᠠᠭ᠎ᠠ︾ ᠶᠢᠨ ᠬᠠᠮᠢᠶᠠᠷᠤᠯᠲᠠ ᠶᠢ ᠴᠢᠩᠭ᠎ᠠ | ᠠᠳᠬᠤᠵᠤ᠂ ᠴᠢᠳᠠᠪᠤᠷᠢ ᠲᠠᠢ ᠨᠢ ᠲᠠᠪᠰᠢᠬᠤ᠂ ᠰᠢᠯᠢᠳᠡᠭ ᠢ ᠨᠢ ᠱᠠᠩᠨᠠᠬᠤ᠂ ᠶᠡᠷᠦᠮᠳᠡᠭ ᠢ ᠨᠢ ᠪᠠᠭᠤᠯᠭᠠᠬᠤ᠂ ᠮᠠᠭᠤ ᠶᠢ ᠨᠢ | ᠰᠢᠭᠰᠢᠭᠳᠡᠭᠦᠯᠬᠦ ᠰᠠᠶᠢᠨ ᠰᠠᠶᠢᠬᠠᠨ ᠪᠠᠶᠢᠳᠠᠯ ᠢ ᠪᠦᠷᠢᠯᠳᠦᠭᠦᠯᠬᠦ ᠬᠡᠷᠡᠭᠲᠡᠢ᠃ ᠲᠤᠭᠤᠷᠢᠭ ᠤᠨ ᠨᠠᠮ ᠤᠨ ᠬᠤᠷᠢᠶᠠᠨ ᠤ | ᠵᠣᠬᠢᠶᠠᠨ ᠪᠠᠶᠢᠭᠤᠯᠬᠤ ᠬᠡᠯᠲᠡᠰ ᠨᠡᠩ ᠤᠯᠠᠨ ᠲᠠᠪᠴᠠᠩ ᠤᠨ ᠠᠵᠠ ᠲᠣᠬᠢᠶᠠᠯ ᠢ ᠡᠭᠦᠳᠴᠦ᠂ ᠺᠠᠳ᠋ᠷᠴᠤᠳ ᠢ | ᠬᠦᠳᠦᠯᠦᠨ ᠵᠢᠯᠣᠭᠤᠳᠴᠤ ᠪᠠᠶᠢᠭᠠᠳ ᠰᠤᠷᠤᠯᠴᠠᠬᠤ ᠪᠠ ᠠᠵᠢᠯ ᠤᠨ ᠳᠤᠮᠳᠠ ᠴᠠᠭᠠᠷᠠᠭᠰᠠᠨ ᠴᠢᠳᠠᠪᠤᠷᠢ ᠶᠢ ᠨᠢ | ᠳᠠᠪᠲᠠᠨ ᠪᠣᠯᠪᠠᠰᠤᠷᠠᠭᠤᠯᠵᠤ᠂ ᠦᠨᠳᠦᠰᠦᠨ ᠱᠠᠲᠤᠨ ᠤ ᠡᠮᠦᠨ᠎ᠡ ᠹᠷᠣᠨᠲ᠂ ᠵᠠᠩᠭᠢᠯᠠᠭ᠎ᠠ ᠶᠢᠨ ᠠᠵᠢᠯ ᠤᠨ ᠪᠠᠶᠢᠷᠢ ᠪᠣᠯᠤᠨ | ᠪᠠᠴᠢᠮ ᠬᠦᠴᠢᠷ ᠠᠶᠤᠯᠲᠠᠢ ᠬᠦᠨᠳᠦ ᠡᠭᠦᠷᠭᠡ ᠶᠢᠨ ᠳᠤᠮᠳᠠ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠬᠦ | ᠴᠢᠳᠠᠪᠤᠷᠢ ᠶᠢ ᠨᠢ ᠳᠡᠭᠡᠭᠰᠢᠯᠡᠭᠦᠯᠬᠦ ᠬᠡᠷᠡᠭᠲᠡᠢ ᠭᠡᠵᠦ ᠴᠢᠬᠤᠯᠠᠴᠢᠯᠠᠭᠰᠠᠨ ᠪᠠᠶᠢᠨ᠎ᠠ᠃ | ᠲᠣᠭᠤᠷᠢᠭ ᠤᠨ ᠳᠥᠷᠪᠡᠨ ᠶᠡᠭᠡ ᠤᠳᠤᠷᠢᠳᠬᠤ ᠪᠠᠭ ᠤᠨ ᠤᠳᠤᠷᠢᠳᠬᠤ ᠨᠥᠬᠦᠳ᠂ ᠰᠢᠭᠦᠬᠦ ᠬᠤᠷᠢᠶ᠎ᠠ | ᠪᠠᠶᠢᠴᠠᠭᠠᠬᠤ ᠬᠤᠷᠢᠶ᠎ᠠ ᠶᠢᠨ ᠤᠳᠤᠷᠢᠳᠬᠤ ᠨᠥᠬᠦᠳ᠂ ᠲᠣᠨᠤᠭ ᠲᠥᠬᠦᠭᠡᠷᠦᠮᠵᠢ ᠶᠢᠨ ᠬᠦᠷᠢᠶᠡᠯᠡᠩ ᠲᠣᠭᠤᠷᠢᠭ ᠤᠨ | ᠬᠠᠮᠢᠶᠠᠷᠤᠯᠲᠠ ᠶᠢᠨ ᠵᠥᠪᠯᠡᠯ ᠤᠨ ᠳᠡᠳ᠋ ᠡᠷᠬᠢᠯᠡᠭᠴᠢ ᠪᠣᠯᠤᠨ ᠲᠣᠨᠤᠭ ᠲᠥᠬᠦᠭᠡᠷᠦᠮᠵᠢ ᠶᠢᠨ ᠬᠦᠷᠢᠶᠡᠯᠡᠩ | ᠲᠣᠭᠤᠷᠢᠭ ᠤᠨ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠠᠵᠢᠯ ᠤᠨ ᠵᠥᠪᠯᠡᠯ ᠤᠨ ᠱᠦᠵᠢ᠂ ᠬᠡᠰᠡᠭ | ᠰᠢᠶᠠᠨ ᠤ ᠱᠠᠲᠤᠨ ᠤ ᠠᠵᠢᠯ ᠠᠴᠠ ᠪᠠᠨ ᠠᠮᠠᠷᠠᠭᠰᠠᠨ ᠠᠬᠠᠮᠠᠳ ᠨᠥᠬᠦᠳ᠂ ᠲᠣᠭᠤᠷᠢᠭ ᠤᠨ ᠨᠠᠮ ᠤᠨ ᠬᠤᠷᠢᠶ᠎ᠠ ᠶᠢᠨ | ᠡᠯ᠎ᠡ ᠰᠠᠯᠠᠭ᠎ᠠ ᠮᠥᠴᠢᠷ᠂ ᠲᠣᠭᠤᠷᠢᠭ ᠤᠨ ᠰᠢᠭᠤᠳ ᠬᠠᠷᠢᠶ᠎ᠠ ᠡᠯ᠎ᠡ ᠪᠠᠶᠢᠭᠤᠯᠭ᠎ᠠ᠂ ᠠᠵᠤ ᠠᠬᠤᠶᠢᠯᠠᠯ ᠠᠵᠢᠯ | ᠦᠢᠯᠡᠰ ᠤᠨ ᠨᠢᠭᠡᠴᠡ᠂ ᠠᠷᠠᠳ ᠤᠨ ᠪᠦᠯᠬᠦᠮ᠂ ᠡᠯ᠎ᠡ ᠵᠡᠭᠡᠯᠢ ᠪᠠᠯᠭᠠᠰᠤᠨ ᠤ ᠨᠠᠮ ᠵᠠᠰᠠᠭ ᠤᠨ ᠭᠤᠣᠯ | ᠬᠠᠷᠢᠭᠤᠴᠠᠯᠭᠠᠲᠠᠨ᠂ ᠲᠣᠭᠤᠷᠢᠭ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠤᠨ | ᠤᠳᠤᠷᠢᠳᠬᠤ ᠪᠠᠭ ᠤᠨ ᠪᠦᠷᠢᠯᠳᠦᠬᠦᠨ᠂ ᠲᠣᠭᠤᠷᠢᠭ ᠤᠨ ᠠᠷᠠᠳ ᠤᠨ ᠰᠢᠭᠦᠬᠦ ᠬᠤᠷᠢᠶ᠎ᠠ᠂ ᠲᠣᠭᠤᠷᠢᠭ ᠤᠨ ᠠᠷᠠᠳ ᠤᠨ | ᠪᠠᠶᠢᠴᠠᠭᠠᠬᠤ ᠬᠤᠷᠢᠶ᠎ᠠ ᠶᠢᠨ ᠤᠳᠤᠷᠢᠳᠬᠤ ᠪᠠᠭ ᠤᠨ ᠪᠦᠷᠢᠯᠳᠦᠬᠦᠨ᠂ ᠲᠣᠭᠤᠷᠢᠭ ᠤᠨ ᠰᠠᠬᠢᠯᠭ᠎ᠠ ᠪᠠᠲᠤ ᠪᠠᠶᠢᠴᠠᠭᠠᠬᠤ | ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠤᠨ ᠡᠯ᠎ᠡ ᠬᠡᠯᠲᠡᠰ ᠲᠠᠰᠤᠭ ᠤᠨ ᠬᠠᠷᠢᠭᠤᠴᠠᠯᠭᠠᠲᠠᠨ᠂ ᠲᠣᠮᠢᠯᠠᠨ | ᠰᠠᠭᠤᠯᠭᠠᠭᠰᠠᠨ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠳᠤᠭᠤᠶᠢᠯᠠᠩ ᠤᠨ ᠳᠠᠷᠤᠭ᠎ᠠ᠂ ᠡᠯ᠎ᠡ ᠵᠡᠭᠡᠯᠢ | ᠪᠠᠯᠭᠠᠰᠤᠨ ᠤ ᠰᠠᠬᠢᠯᠭ᠎ᠠ ᠪᠠᠲᠤ ︵ᠠᠵᠢᠯ︶ ᠵᠦᠪᠯᠡᠯ ᠤᠨ ᠱᠦᠵᠢ ᠬᠤᠷᠠᠯ ᠳᠤ ᠣᠷᠣᠯᠴᠠᠪᠠ᠃ | | | | | |