5 ᠰᠠᠷ᠎ᠠ ᠶᠢᠨ 7 ᠤ ᠡᠳᠦᠷ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ᠂ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠳ᠋ᠢᠩ ᠺᠠᠢ | ᠲᠣᠭᠤᠷᠢᠭ ᠤᠨ ᠨᠠᠮ ᠤᠨ ᠬᠤᠷᠢᠶᠠᠨ ᠤ ᠪᠠᠶᠢᠩᠭᠤ ᠶᠢᠨ ᠬᠤᠷᠢᠶᠠᠨ ᠤ ᠬᠤᠷᠠᠯ ᠢ ᠡᠷᠬᠢᠯᠡᠨ ᠬᠤᠷᠠᠯᠳᠤᠭᠤᠯᠵᠦ᠂ 4 | ᠰᠠᠷ᠎ᠠ ᠶᠢᠨ 30 ᠤ ᠡᠳᠦᠷ ᠤᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ | ᠲᠦᠷᠦ ᠶᠢᠨ ᠲᠤᠪᠴᠢᠶᠠᠨ ᠤ ᠬᠤᠷᠠᠯ ᠤᠨ ᠵᠤᠷᠢᠭ ᠰᠠᠨᠠᠭ᠎ᠠ᠂ ᠶᠡᠷᠦᠩᠬᠡᠢᠱᠦ᠋ᠵᠢ ᠰᠢ ᠶᠢᠨ ᠫᠢᠩ ᠭᠤᠸᠠᠩᠳᠦ᠋ᠩ ᠤᠨ | ᠮᠧᠶ ᠵᠧᠦ ᠬᠤᠲᠠ ᠶᠢᠨ ᠮᠧᠶ ᠳ᠋ᠡ ᠲᠦᠷᠭᠡᠨ ᠵᠠᠰᠠᠮᠠᠯ ᠵᠠᠮ ᠤᠨ ᠴᠠ ᠶᠠᠩ ᠬᠡᠰᠡᠭ ᠤᠨ ᠨᠤᠷᠠᠭᠰᠠᠨ ᠭᠠᠵᠠᠷ ᠤᠨ | ᠭᠠᠮᠰᠢᠭ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ᠂ ᠶᠡᠷᠦᠩᠬᠡᠢ ᠱᠦᠵᠢ ᠰᠢ ᠶᠢᠨ ᠫᠢᠩ ᠲᠠᠪᠤᠨ ᠰᠠᠷ᠎ᠠ | ᠶᠢᠨ ᠨᠢᠭᠡᠨ ᠤ ᠳᠡᠯᠡᠬᠡᠢ ᠶᠢᠨ ᠬᠥᠳᠡᠯᠮᠦᠷᠢᠴᠢᠳ ᠤᠨ ᠪᠠᠶᠠᠷ᠂ ᠲᠠᠪᠤᠨ ᠰᠠᠷ᠎ᠠ ᠶᠢᠨ ᠳᠥᠷᠪᠡᠨ ᠤ ᠵᠠᠯᠠᠭᠤᠴᠤᠳ ᠤᠨ | ᠪᠠᠶᠠᠷ ᠲᠤ ᠪᠦᠬᠦ ᠤᠯᠤᠰ ᠤᠨ ᠥᠷᠭᠡᠨ ᠣᠯᠠᠨ ᠬᠥᠳᠡᠯᠮᠦᠷᠢᠴᠢᠨ ᠲᠦᠮᠡᠨ ᠪᠠ ᠥᠷᠭᠡᠨ ᠣᠯᠠᠨ ᠵᠠᠯᠠᠭᠤᠴᠤᠳ ᠲᠤ | ᠪᠠᠶᠠᠷ ᠬᠦᠷᠭᠡᠵᠦ᠂ ᠲᠣᠬᠤᠨᠢᠭᠤᠯᠵᠤ᠂ ᠮᠡᠨᠳᠦᠴᠢᠯᠡᠯ ᠬᠦᠷᠭᠡᠬᠦ ᠦᠶ᠎ᠡ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ | ᠶᠢ ᠤᠯᠠᠮᠵᠢᠯᠠᠨ ᠰᠤᠷᠤᠯᠴᠠᠵᠦ᠂ ᠲᠤᠤᠱᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠲᠣᠬᠢᠷᠠᠭᠤᠯᠤᠨ ᠪᠠᠶᠢᠷᠢᠯᠠᠭᠤᠯᠵᠠᠢ᠃ | ᠬᠤᠷᠠᠯ ᠠᠴᠠ᠂ ᠰᠢ ᠶᠢᠨ ᠫᠢᠩ ᠶᠡᠷᠦᠩᠬᠡᠢ ᠱᠦᠵᠢ ᠶᠢᠨ ᠥᠭᠡᠷᠡᠴᠢᠯᠡᠯᠲᠡ ᠶᠢ ᠪᠦᠬᠦ ᠲᠠᠯ᠎ᠠ ᠪᠠᠷ | ᠭᠦᠨᠵᠡᠭᠡᠶᠢᠷᠡᠭᠦᠯᠬᠦ ᠲᠤᠬᠠᠢ ᠠᠯᠢ ᠣᠯᠠᠨ ᠰᠢᠨ᠎ᠡ ᠦᠵᠡᠯ ᠰᠠᠨᠠᠭ᠎ᠠ᠂ ᠰᠢᠨ᠎ᠡ ᠦᠵᠡᠯᠲᠡ᠂ ᠰᠢᠨ᠎ᠡ ᠨᠤᠲᠠᠯᠠᠯᠲᠠ ᠶᠢ | ᠭᠦᠨᠵᠡᠭᠡᠢ ᠰᠤᠷᠤᠯᠴᠠᠨ ᠲᠤᠤᠱᠯᠠᠭᠤᠯᠵᠤ᠂ ᠴᠢᠨᠠᠷ ᠰᠠᠶᠢᠲᠠᠢ ᠬᠥᠭᠵᠢᠯᠲᠡ ᠶᠢᠨ ᠲᠡᠷᠢᠭᠦᠨ ᠴᠢᠬᠤᠯᠠ ᠡᠭᠦᠷᠭᠡ ᠪᠠ | ᠰᠢᠨ᠎ᠡ ᠬᠥᠭᠵᠢᠯᠲᠡ ᠶᠢᠨ ᠪᠠᠶᠢᠷᠢᠰᠢᠯ ᠢ ᠪᠤᠶ ᠪᠣᠯᠭᠠᠬᠤ ᠪᠠᠶᠢᠯᠳᠤᠬᠤ ᠪᠣᠳᠣᠯᠭ᠎ᠠ ᠶᠢᠨ ᠡᠭᠦᠷᠭᠡ ᠶᠢ ᠭᠦᠨᠵᠡᠭᠡᠢ | ᠣᠶᠢᠯᠠᠭᠠᠨ ᠪᠠᠲᠤ ᠡᠵᠡᠮᠰᠢᠵᠦ᠂ ︽1511︾ ᠠᠵᠤ ᠦᠢᠯᠡᠰ ᠤᠨ ᠪᠦᠯᠦᠭᠵᠢᠯ ᠢ ᠲᠦᠷᠭᠡᠨ ᠪᠠᠶᠢᠭᠤᠯᠵᠤ᠂ ᠰᠢᠨ᠎ᠡ | ᠴᠢᠨᠠᠷ ᠤᠨ ᠦᠢᠯᠡᠳᠪᠦᠷᠢᠯᠡᠯ ᠪᠦᠬᠦᠢ ᠬᠦᠴᠦᠨ ᠢ ᠶᠡᠬᠡᠪᠡᠷ ᠬᠥᠭᠵᠢᠭᠦᠯᠦᠨ ᠪᠣᠶᠢᠵᠢᠭᠤᠯᠵᠤ᠂ ᠬᠥᠭᠵᠢᠯᠲᠡ ᠶᠢᠨ ᠠᠷᠭ᠎ᠠ | ᠮᠠᠶ᠋ᠢᠭ ᠢ ᠪᠣᠬᠢᠷᠲᠤᠯ ᠦᠭᠡᠢ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠬᠡᠯᠪᠡᠷᠢ ᠲᠡᠰᠢ ᠬᠤᠪᠢᠷᠠᠭᠤᠯᠬᠤ ᠶᠢ | ᠲᠦᠷᠭᠡᠳᠬᠡᠵᠦ᠂ ᠥᠭᠡᠷᠡᠴᠢᠯᠡᠯᠲᠡ ᠶᠢ ᠦᠷᠭᠦᠯᠵᠢᠯᠡᠨ ᠭᠦᠨᠵᠡᠭᠡᠶᠢᠷᠡᠭᠦᠯᠦᠨ ᠨᠡᠭᠡᠭᠡᠯᠲᠡ ᠶᠢ ᠥᠷᠭᠡᠳᠬᠡᠵᠦ᠂ ᠬᠥᠳᠡᠭᠡ | ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠬᠦ ᠲᠠᠯ᠎ᠠ ᠪᠠᠷ ᠠᠬᠢᠭᠤᠯᠵᠤ᠂ ᠠᠵᠢᠯᠯᠠᠬᠤ ᠠᠷᠭ᠎ᠠ ᠶᠢᠨ ᠰᠢᠨ᠎ᠡ ᠶᠢ | ᠡᠭᠦᠳᠴᠦ᠂ ᠬᠤᠳᠠᠯᠳᠤᠭᠠᠴᠢᠨ ᠤᠷᠢᠬᠤ ᠪᠣᠳᠠᠲᠤ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠭᠠᠵᠠᠷ ᠣᠷᠣᠨ ᠤ ᠴᠢᠨᠠᠷ | ᠰᠠᠶᠢᠲᠠᠢ ᠬᠥᠭᠵᠢᠯᠲᠡ ᠳᠤ ᠨᠡᠩ ᠤᠯᠠᠨ ᠰᠢᠨ᠎ᠡ ᠨᠡᠮᠡᠭᠳᠡᠯ ᠰᠢᠨ᠎ᠡ ᠬᠥᠳᠡᠯᠭᠡᠬᠦ ᠬᠦᠴᠦᠨ ᠢ ᠦᠨᠡᠨᠬᠦ ᠪᠤᠢ ᠪᠤᠯᠭᠠᠬᠤ | ᠬᠡᠷᠡᠭᠲᠡᠢ ᠭᠡᠵᠦ ᠴᠢᠬᠤᠯᠠᠴᠢᠯᠠᠪᠠ᠃ | ᠬᠤᠷᠠᠯ ᠠᠴᠠ᠂ ᠰᠢ ᠶᠢᠨ ᠫᠢᠩ ᠶᠡᠷᠦᠩᠬᠡᠢ ᠱᠦᠵᠢ ᠶᠢᠨ ᠠᠶᠤᠯᠭᠦᠢ ᠦᠢᠯᠡᠳᠪᠦᠷᠢᠯᠡᠯ ᠤᠨ ᠲᠤᠬᠠᠢ ᠴᠢᠬᠤᠯᠠ | ᠥᠭᠦᠯᠡᠯᠲᠡ ᠪᠠ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂ ᠠᠶᠤᠯ | ᠲᠦᠭᠰᠢᠭᠦᠷᠢ ᠶᠢᠨ ᠤᠬᠠᠮᠰᠠᠷ᠂ ᠰᠠᠨᠠᠭᠠᠰᠢᠷᠠᠨ ᠵᠣᠪᠠᠨᠢᠬᠤ ᠤᠬᠠᠮᠰᠠᠷ ᠢᠶᠠᠨ ᠴᠢᠩᠭᠠᠷᠠᠭᠤᠯᠵᠤ᠂ ᠬᠤᠷᠢᠭ᠎ᠠ ᠱᠤᠭᠤᠮ ᠤᠨ | ᠰᠡᠳᠬᠢᠬᠦᠢ ᠪᠠᠨ ᠴᠢᠩᠭᠠᠷᠠᠭᠤᠯᠤᠨ᠂ ︽ᠨᠠᠮ ᠵᠠᠰᠠᠭ ᠠᠳᠠᠯᠢ ᠬᠠᠷᠢᠭᠤᠴᠠᠯᠭ᠎ᠠ ᠡᠭᠦᠷᠭᠡᠯᠡᠬᠦ᠂ ᠨᠢᠭᠡ ᠠᠵᠢᠯ ᠤᠨ ᠪᠠᠶᠢᠷᠢ ᠳᠤ | ᠬᠤᠣᠰ ᠬᠠᠷᠢᠭᠤᠴᠠᠯᠭ᠎ᠠ ᠡᠭᠦᠷᠭᠡᠯᠡᠬᠦ︾ ᠪᠠ ︽ᠭᠤᠷᠪᠠ ᠶᠢ ᠬᠠᠮᠢᠶᠠᠷᠴᠤ ᠭᠤᠷᠪᠠ ᠶᠢ ᠡᠷᠬᠡᠪᠰᠢ ᠬᠡᠷᠡᠭᠵᠢᠭᠦᠯᠬᠦ︾ | ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠠᠮᠤᠷ ᠲᠦᠪᠰᠢᠨ ᠤ ᠳᠠᠯᠳᠠ ᠬᠡᠮ ᠢ ᠵᠢᠭᠰᠠᠭᠠᠨ ᠪᠠᠶᠢᠴᠠᠭᠠᠵᠤ | ᠴᠡᠭᠴᠡᠯᠡᠨ ᠵᠠᠰᠠᠬᠤ ᠠᠵᠢᠯ ᠢ ᠪᠠᠶᠢᠩᠭᠤᠵᠢᠭᠤᠯᠤᠨ ᠥᠷᠨᠢᠭᠦᠯᠵᠦ᠂ ᠭᠡᠨᠡᠳᠲᠡ ᠶᠢᠨ ᠠᠳᠡᠯ ᠤᠨ ᠭᠠᠮᠰᠢᠭ ᠢ ᠠᠷᠭᠠᠴᠠᠨ | ᠰᠢᠢᠳᠪᠦᠷᠢᠯᠡᠬᠦ ᠴᠢᠳᠠᠪᠤᠷᠢ ᠪᠠᠨ ᠲᠠᠰᠤᠷᠠᠯᠲᠠ ᠦᠭᠡᠢ ᠴᠢᠩᠭᠠᠷᠠᠭᠤᠯᠤᠨ᠂ ᠬᠦᠨᠳᠦ ᠶᠡᠭᠡ ᠠᠳᠡᠯ ᠤᠨ ᠭᠠᠮᠰᠢᠭ | ᠡᠭᠦᠰᠬᠦ ᠶᠢ ᠡᠷᠡᠰ ᠰᠡᠷᠭᠡᠶᠢᠯᠡᠨ ᠬᠤᠷᠢᠭᠯᠠᠬᠤ ᠬᠡᠷᠡᠭᠲᠡᠢ ᠭᠡᠵᠦ ᠱᠠᠭᠠᠷᠳᠠᠪᠠ᠃ | ᠬᠤᠷᠠᠯ ᠠᠴᠠ᠂ ᠬᠥᠳᠡᠯᠮᠦᠷᠢ ᠶᠢᠨ ᠵᠢᠱᠢᠶᠡᠴᠢ ᠶᠢᠨ ᠵᠣᠷᠢᠭ ᠰᠠᠨᠠᠭ᠎ᠠ᠂ ᠬᠥᠳᠡᠯᠮᠦᠷᠢ ᠶᠢᠨ ᠵᠣᠷᠢᠭ ᠰᠠᠨᠠᠭ᠎ᠠ᠂ | ᠤᠷᠠᠨ ᠲᠠᠷᠬᠠᠨ ᠤ ᠵᠣᠷᠢᠭ ᠰᠠᠨᠠᠭ᠎ᠠ ᠶᠢ ᠶᠡᠬᠡᠪᠡᠷ ᠪᠠᠳᠠᠷᠠᠭᠤᠯᠵᠤ᠂ ᠬᠥᠳᠡᠯᠮᠦᠷᠢᠴᠢᠨ ᠲᠦᠮᠡᠨ ᠤ ᠬᠠᠤᠯᠢ ᠶᠣᠰᠣᠨ ᠤ | ᠡᠷᠬᠡ ᠠᠰᠢᠭ ᠢ ᠪᠦᠬᠦ ᠬᠦᠴᠦᠨ ᠢᠶᠠᠷ ᠢᠶᠠᠨ ᠰᠠᠶᠢᠲᠤᠷ ᠪᠠᠲᠤᠯᠠᠵᠤ᠂ ᠪᠦᠬᠦ ᠲᠤᠭᠤᠷᠢᠭ ᠤᠨ ᠥᠷᠭᠡᠨ ᠤᠯᠠᠨ | ᠬᠥᠳᠡᠯᠮᠦᠷᠢᠴᠢᠨ ᠲᠦᠮᠡᠨ ᠤ ᠠᠵᠢᠯ ᠤᠨ ᠪᠠᠶᠢᠷᠢ ᠪᠠᠨ ᠬᠠᠶᠢᠷᠠᠯᠠᠵᠤ ᠦᠢᠯᠡᠰ ᠢᠶᠠᠨ ᠳᠡᠭᠡᠳᠦᠯᠡᠨ ᠬᠠᠷᠠᠮ ᠦᠭᠡᠢ | ᠵᠣᠷᠢᠭᠤᠯᠬᠤ ᠵᠣᠷᠢᠭ ᠰᠠᠨᠠᠭ᠎ᠠ ᠶᠢ ᠪᠠᠳᠠᠷᠠᠭᠤᠯᠬᠤ ᠶᠢ ᠦᠷᠭᠦᠯᠵᠢᠯᠡᠨ ᠬᠥᠲᠥᠯᠥᠨ ᠵᠢᠯᠤᠭᠤᠳᠬᠤ ᠪᠠ ᠵᠣᠷᠢᠭᠵᠢᠭᠤᠯᠵᠤ᠂ | ᠭᠠᠵᠠᠷ ᠣᠷᠣᠨ ᠤ ᠴᠢᠨᠠᠷ ᠰᠠᠶᠢᠲᠠᠢ ᠬᠥᠭᠵᠢᠯᠲᠡ ᠶᠢ ᠲᠦᠷᠭᠡᠳᠬᠡᠨ ᠠᠬᠢᠭᠤᠯᠬᠤ ᠳᠤ ᠬᠦᠴᠦᠨ ᠴᠢᠳᠠᠯ ᠢᠶᠠᠨ ᠡᠷᠭᠦᠬᠦ | ᠬᠡᠷᠡᠭᠲᠡᠢ᠃ ᠵᠠᠯᠠᠭᠤᠴᠤᠳ ᠤᠨ ᠬᠥᠭᠵᠢᠯᠲᠡ ᠶᠢᠨ ᠮᠠᠶ᠋ᠢᠭ ᠤᠨ ᠰᠢᠶᠠᠨ ᠤ ᠬᠡᠪᠴᠢᠶᠡᠨ ᠤ ᠲᠤᠷᠰᠢᠯᠲᠠ ᠶᠢᠨ ᠴᠡᠭ ᠤᠨ | ᠪᠦᠲᠦᠭᠡᠨ ᠪᠠᠶᠢᠭᠤᠯᠤᠯᠲᠠ ᠶᠢᠨ ᠠᠵᠢᠯ ᠢ ᠦᠷᠭᠦᠯᠵᠢᠯᠡᠨ ᠠᠬᠢᠭᠤᠯᠵᠤ᠂ ᠥᠷᠭᠡᠨ ᠤᠯᠠᠨ ᠵᠠᠯᠠᠭᠤᠴᠤᠳ ᠢ ᠵᠣᠬᠢᠶᠠᠨ | ᠪᠠᠶᠢᠭᠤᠯᠤᠨ ᠳᠠᠶᠢᠴᠢᠯᠠᠵᠤ ᠪᠠᠶᠢᠭᠠᠳ ᠡᠯ᠎ᠡ ᠵᠦᠢᠯ ᠤᠨ ᠭᠤᠣᠯ ᠪᠣᠯᠬᠤ ᠭᠤᠣᠯᠳᠠᠯᠭ᠎ᠠ ᠲᠠᠢ ᠠᠵᠢᠯ ᠳᠤ | ᠰᠠᠨᠠᠭᠠᠴᠢᠯᠠᠭ᠎ᠠ ᠠᠴᠠ ᠪᠠᠨ ᠣᠷᠣᠯᠴᠠᠭᠤᠯᠵᠤ᠂ ᠥᠷᠭᠡᠨ ᠤᠯᠠᠨ ᠵᠠᠯᠠᠭᠤᠴᠤᠳ ᠤᠨ ᠪᠡᠯᠡᠳᠬᠡᠯ ᠬᠦᠴᠦᠨ ᠪᠠ | ᠭᠠᠪᠰᠢᠭᠠᠢ ᠠᠩᠭᠢ ᠶᠢᠨ ᠦᠢᠯᠡᠳᠦᠯ ᠢ ᠭᠦᠢᠴᠡᠳ ᠪᠠᠳᠠᠷᠠᠭᠤᠯᠵᠤ᠂ ᠨᠠᠮ ᠤᠨ ᠰᠢᠳᠤᠷᠭᠤ ᠬᠠᠪᠰᠤᠷᠤᠭᠴᠢ ᠪᠠ | ᠨᠠᠶᠢᠳᠠᠪᠤᠷᠢᠲᠠᠢ ᠪᠡᠯᠡᠳᠬᠡᠯ ᠴᠡᠷᠢᠭ ᠪᠣᠯᠬᠤ ᠬᠡᠷᠡᠭᠲᠡᠢ ᠭᠡᠵᠦ ᠴᠢᠬᠤᠯᠠᠴᠢᠯᠠᠪᠠ᠃ | ᠬᠤᠷᠠᠯ ᠠᠴᠠ ᠪᠠᠰᠠ ᠠᠵᠤ ᠠᠬᠤᠢ ᠶᠢᠨ ᠠᠵᠢᠯᠯᠠᠭ᠎ᠠ᠂ ᠭᠤᠣᠯᠳᠠᠯᠭ᠎ᠠ ᠲᠠᠢ ᠲᠦᠷᠦᠯ ᠵᠦᠢᠯ ᠤᠨ ᠪᠦᠲᠦᠭᠡᠨ | ᠪᠠᠶᠢᠭᠤᠯᠤᠯᠲᠠ᠂ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠢ ᠠᠬᠢᠭᠤᠯᠬᠤ ᠵᠡᠷᠭᠡ ᠠᠵᠢᠯ ᠢ ᠰᠤᠳᠤᠯᠵᠠᠢ᠃ | | |