ᠪᠠᠢ ᠶᠦᠨ ᠰᠢ ᠬᠤᠲᠠ ᠶᠢᠨ ᠨᠠᠷᠢᠯᠢᠭᠵᠢᠭᠤᠯᠤᠭᠰᠠᠨ ᠬᠠᠮᠢᠶᠠᠷᠤᠯᠲᠠ ᠶᠢᠨ ᠠᠵᠢᠯ ᠢ ᠪᠠᠶᠢᠴᠠᠭᠠᠨ ᠰᠤᠳᠤᠯᠪᠠ
ᠨᠡᠶᠢᠲᠡᠯᠡᠭᠰᠡᠨ ᠴᠠᠭ᠄
2024/5/8
      5 ᠰᠠᠷ᠎ᠠ ᠶᠢᠨ 7᠎ ᠤ ᠡᠳᠦᠷ᠂ ᠲᠤᠭᠤᠷᠢᠭ ᠤᠨ ᠨᠠᠮ ᠤᠨ ᠬᠤᠷᠢᠶ᠎ᠠ ᠶᠢᠨ ᠳᠡᠳ᠋ ᠱᠦᠵᠢ᠂ ᠵᠠᠰᠠᠭ ᠤᠨ ᠣᠷᠳᠣᠨ ᠤ ᠳᠠᠷᠤᠭ᠎ᠠ ᠪᠠᠢ ᠶᠦᠨ ᠰᠢ ᠬᠤᠲᠠ ᠶᠢᠨ ᠨᠠᠷᠢᠯᠢᠭᠵᠢᠭᠤᠯᠤᠭᠰᠠᠨ ᠬᠠᠮᠢᠶᠠᠷᠤᠯᠲᠠ ᠶᠢᠨ ᠠᠵᠢᠯ ᠳᠤ ᠪᠠᠶᠢᠴᠠᠭᠠᠨ ᠰᠤᠳᠤᠯᠤᠯᠲᠠ ᠬᠢᠪᠡ᠃ ᠲᠣᠭᠤᠷᠢᠭ ᠤᠨ ᠤᠳᠤᠷᠢᠳᠤᠯᠭ᠎ᠠ ᠵᠠᠩ ᠵᠢᠶᠠᠨ᠂ ᠭᠤᠤ ᠵᠦ ᠪᠠᠶᠢᠴᠠᠭᠠᠨ ᠰᠤᠳᠤᠯᠤᠯᠲᠠ ᠳᠤ ᠣᠷᠣᠯᠴᠠᠪᠠ᠃       ᠪᠠᠢ ᠶᠦᠨ ᠰᠢ ᠨᠠᠷ ᠤᠷᠢᠳ ᠬᠤᠵᠢᠳ ᠤᠰᠤᠲᠤ ᠵᠡᠭᠡᠯᠢ ᠭᠤᠳᠤᠮᠵᠢ ᠶᠢᠨ ᠴᠠᠩ ᠵᠧᠩ ᠨᠡᠶᠢᠭᠡᠮ ᠲᠣᠭᠤᠷᠢᠭ᠂ ᠴᠢᠨᠳᠠᠭᠠᠨ ᠴᠠᠭᠠᠨ ᠭᠤᠤᠯ ᠤᠨ ᠵᠡᠭᠦᠨ ᠲᠣᠰᠬᠤᠨ ᠤ ᠭᠤᠳᠤᠮᠵᠢ ᠶᠢᠨ ᠵᠠᠮ᠂ ᠬᠤᠰᠢᠭᠤᠴᠢ ᠵᠠᠮ ᠤᠨ ᠵᠤᠯ ᠵᠢᠷᠭᠠᠯᠲᠦ ᠤᠮᠠᠷ᠎ᠠ ᠠᠴᠠ ᠦᠩᠭᠡ ᠭᠡᠷᠡᠯᠲᠦ ᠵᠠᠮ ᠤᠨ ᠬᠦᠷᠬᠦ ᠬᠡᠰᠡᠭ᠂ ᠰᠠᠶᠢᠨ ᠵᠠᠮ ᠶᠢᠨ ᠳᠤᠯᠤᠳᠤᠭᠠᠷ ᠪᠠᠭ᠎ᠠ ᠲᠣᠭᠤᠷᠢᠭ᠂ ᠤᠭᠲᠤᠯᠭ᠎ᠠ ᠪᠠᠭ᠎ᠠ ᠲᠣᠭᠤᠷᠢᠭ ᠪᠠ ᠬᠦᠳᠡᠯᠮᠦᠷᠢ ᠠᠷᠪᠠᠨ ᠳᠦᠷᠪᠡᠳᠦᠭᠡᠷ  ᠪᠠᠭᠰᠢ ᠶᠢᠨ ᠲᠤᠰᠬᠠᠢ ᠮᠡᠷᠭᠡᠵᠢᠯ ᠤᠨ ᠬᠦᠷᠢᠶᠡᠯᠡᠩ ᠵᠡᠷᠭᠡ ᠭᠠᠵᠠᠷ ᠲᠤ ᠬᠦᠷᠴᠦ᠂ ᠬᠤᠭ ᠨᠣᠪᠰᠢ ᠶᠢ ᠲᠦᠷᠦᠯ ᠬᠤᠪᠢᠶᠠᠬᠤ᠂ ᠣᠷᠴᠢᠨ ᠲᠣᠭᠤᠷᠢᠨ ᠤ ᠡᠷᠡᠭᠦᠯ ᠬᠠᠮᠠᠭᠠᠯᠠᠯ᠂ ᠵᠡᠭᠡᠯᠢ ᠭᠤᠳᠤᠮᠵᠢ ᠶᠢ ᠴᠡᠭᠴᠡᠯᠡᠨ ᠵᠠᠰᠠᠬᠤ᠂ ᠴᠠᠬᠢᠯᠭᠠᠨ ᠬᠥᠳᠡᠯᠭᠡᠭᠦᠷᠲᠦ ᠲᠡᠷᠭᠡᠨ ᠤ ᠴᠠᠬᠢᠯᠭᠠᠨ ᠴᠡᠨᠡᠭᠯᠡᠬᠦ ᠪᠠᠭᠠᠨ᠎ᠠ ᠶᠢ ᠪᠠᠶᠢᠷᠢᠯᠠᠭᠤᠯᠬᠤ᠂ ᠴᠠᠬᠢᠯᠭᠠᠨ ᠤᠲᠠᠰᠦ ᠶᠢ ᠵᠠᠰᠠᠬᠤ ᠪᠠ ᠠᠰᠠᠷ ᠤᠨ ᠵᠠᠮ ᠤᠨ ᠰᠤᠯᠠ ᠴᠠᠬᠢᠯᠭᠠᠨ ᠢ ᠴᠡᠭᠴᠡᠯᠡᠨ ᠵᠠᠰᠠᠬᠤ ᠵᠡᠷᠭᠡ ᠠᠵᠢᠯ ᠢ ᠲᠤᠬᠠᠢ ᠶᠢᠨ ᠭᠠᠵᠠᠷ ᠲᠤᠨᠢ ᠪᠠᠶᠢᠴᠠᠭᠠᠨ ᠦᠵᠡᠵᠦ᠂ ᠬᠤᠯᠪᠣᠭᠳᠠᠯ ᠪᠦᠬᠦᠢ ᠬᠠᠷᠢᠭᠤᠴᠠᠯᠭᠠᠲᠠᠨ ᠤ ᠬᠠᠷᠢᠭᠤ ᠮᠡᠳᠡᠭᠦᠯᠦᠯᠲᠡ ᠶᠢ ᠨᠠᠷᠢᠨ ᠬᠢᠨᠠᠮᠠᠭᠠᠢ ᠰᠣᠨᠣᠰᠴᠤ᠂ ᠬᠤᠳᠠ ᠶᠢᠨ ᠬᠠᠮᠢᠶᠠᠷᠤᠯᠲᠠ ᠶᠢᠨ ᠡᠯ᠎ᠡ ᠵᠦᠢᠯ ᠤᠨ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠬᠦ ᠲᠤᠬᠠᠢ ᠱᠠᠭᠠᠷᠳᠠᠯᠭ᠎ᠠ ᠳᠤᠷᠠᠳᠴᠤ᠂ ᠲᠤᠬᠠᠢ ᠶᠢᠨ ᠲᠠᠯᠠᠪᠤᠷ ᠲᠤ ᠢᠯᠡᠷᠡᠭᠦᠯᠦᠭᠰᠡᠨ ᠠᠰᠠᠭᠤᠳᠠᠯ ᠳᠤ ᠴᠡᠭᠴᠡᠯᠡᠨ ᠵᠠᠰᠠᠬᠤ ᠰᠠᠨᠠᠯ ᠳᠤᠷᠠᠳᠪᠠ᠃       ᠪᠠᠢ ᠶᠦᠨ ᠰᠢ᠂ ᠬᠤᠲᠠ ᠶᠢᠨ ᠬᠠᠮᠢᠶᠠᠷᠤᠯᠲᠠ ᠶᠢᠨ ᠠᠵᠢᠯ ᠨᠢ ᠬᠥᠮᠥᠰ ᠤᠨ ᠣᠷᠣᠰᠢᠨ ᠰᠠᠭᠤᠬᠤ ᠣᠷᠴᠢᠨ ᠲᠣᠭᠤᠷᠢᠨ ᠢ ᠰᠠᠶᠢᠵᠢᠷᠠᠭᠤᠯᠬᠤ ᠲᠠᠢ ᠬᠤᠯᠪᠣᠭᠳᠠᠵᠤ᠂ ᠠᠷᠠᠳ ᠤᠨ ᠠᠮᠢᠳᠤᠷᠠᠯ ᠤᠨ ᠪᠤᠶᠠᠨ ᠬᠡᠰᠢᠭ ᠢ ᠬᠤᠲᠠ ᠶᠢᠨ ᠳᠦᠷᠢ ᠲᠥᠷᠬᠦ ᠶᠢᠨ ᠳᠡᠭᠡᠭᠰᠢᠯᠡᠯᠲᠡ ᠲᠠᠢ ᠬᠤᠯᠪᠣᠭᠳᠠᠬᠤ ᠬᠦᠴᠢᠷ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠳᠦᠷᠦᠯ ᠬᠤᠪᠢᠶᠠᠨ ᠳᠦᠷᠦ ᠶᠢᠨ ᠪᠣᠳᠣᠯᠭ᠎ᠠ ᠬᠡᠷᠡᠭᠵᠢᠭᠦᠯᠵᠦ ᠴᠡᠭᠴᠡᠯᠡᠨ ᠰᠠᠶᠢᠵᠢᠷᠠᠭᠤᠯᠬᠤ ᠶᠢ ᠠᠳᠬᠤᠵᠤ᠂ ᠬᠤᠭ ᠨᠣᠪᠰᠢ ᠶᠢ ᠳᠦᠷᠦᠯ ᠬᠤᠪᠢᠶᠠᠬᠤ ᠠᠰᠠᠭᠤᠳᠠᠯ ᠳᠤ᠂ ᠡᠯ᠎ᠡ ᠬᠤᠯᠪᠣᠭᠳᠠᠯ ᠪᠦᠬᠦᠢ ᠨᠢᠭᠡᠴᠡ ᠪᠠ ᠰᠠᠯᠠᠭ᠎ᠠ ᠮᠥᠴᠢᠷ ᠤᠨ ᠎ ᠬᠢᠨ ᠬᠠᠷᠠᠯᠲᠠ ᠡᠭᠦᠷᠭᠡ ᠪᠠᠨ ᠴᠢᠨᠠᠭᠰᠢᠳᠠ ᠲᠣᠳᠣᠷᠬᠠᠶᠢᠯᠠᠵᠤ᠂ ᠬᠤᠭ ᠨᠣᠪᠰᠢ ᠶᠢ ᠳᠦᠷᠦᠯ ᠬᠤᠪᠢᠶᠠᠬᠤ ᠲᠥᠬᠦᠭᠡᠷᠦᠮᠵᠢ ᠶᠢᠨ ᠲᠣᠬᠢᠷᠠᠭᠤᠯᠤᠯᠲᠠ ᠶᠢ ᠲᠦᠷᠭᠡᠨ ᠲᠡᠭᠦᠯᠳᠡᠷᠵᠢᠭᠦᠯᠵᠦ᠂ ᠬᠤᠭ ᠨᠣᠪᠰᠢ ᠶᠢ ᠳᠦᠷᠦᠯ ᠬᠤᠪᠢᠶᠠᠬᠤ ᠠᠵᠢᠯ ᠢ ᠡᠬᠢ ᠡᠭᠦᠰᠦᠯ ᠠᠴᠠ ᠨᠢ ᠰᠠᠶᠢᠲᠤᠷ ᠬᠢᠵᠦ᠂ ᠬᠤᠭ ᠨᠣᠪᠰᠢ ᠶᠢ ᠳᠦᠷᠦᠯ ᠬᠤᠪᠢᠶᠠᠬᠤ ᠲᠤᠷᠰᠢᠯᠲᠠ ᠶᠢᠨ ᠨᠢᠭᠡᠴᠡ ᠨᠦᠭᠦᠳ ᠡᠯ᠎ᠡ ᠵᠦᠢᠯ ᠤᠨ ᠬᠦᠴᠦᠨ ᠢᠶᠠᠨ ᠲᠥᠪᠯᠡᠷᠡᠭᠦᠯᠦᠨ ᠪᠣᠭᠤᠮᠲᠠ ᠰᠢᠪᠲᠤᠯᠬᠤ ᠶᠢ ᠴᠢᠩᠭᠠᠳᠬᠠᠵᠤ᠂ ᠪᠦᠬᠦ  ᠲᠤᠭᠤᠷᠢᠭ ᠤᠨ ᠬᠤᠭ ᠨᠣᠪᠰᠢ ᠶᠢ ᠳᠦᠷᠦᠯ ᠬᠤᠪᠢᠶᠠᠬᠤ ᠠᠵᠢᠯ ᠤᠨ ᠰᠢᠨ᠎ᠡ ᠰᠢᠪᠲᠤᠯᠤᠯᠲᠠ ᠲᠠᠢ ᠪᠣᠯᠬᠤ ᠶᠢ ᠠᠯᠬᠤᠮ ᠠᠯᠬᠤᠮ ᠢᠶᠠᠷ ᠠᠬᠢᠭᠤᠯᠬᠤ ᠬᠡᠷᠡᠭᠲᠡᠢ︔ ᠲᠣᠰᠬᠤᠨ ᠪᠠᠯᠭᠠᠰᠤ  ᠪᠠ ᠵᠡᠭᠡᠯᠢ ᠭᠤᠳᠤᠮᠵᠢ ᠶᠢᠨ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠠᠰᠠᠭᠤᠳᠠᠯ ᠳᠤ᠂ ᠡᠯ᠎ᠡ ᠬᠠᠷᠢᠭᠤᠴᠠᠯᠭᠠᠲᠤ ᠨᠢᠭᠡᠴᠡ ᠶᠢᠨ ᠬᠢᠨ ᠬᠠᠮᠵᠢᠯᠴᠠᠭ᠎ᠠ ᠪᠠᠨ ᠴᠢᠩᠭᠠᠳᠬᠠᠵᠤ᠂ ᠴᠡᠪᠡᠷᠯᠡᠬᠦ ᠬᠥᠮᠥᠰ ᠢ ᠵᠣᠬᠢᠰᠲᠠᠢ ᠲᠣᠬᠢᠷᠠᠭᠤᠯᠵᠤ᠂ ᠴᠡᠪᠡᠷᠯᠡᠬᠦ ᠤᠳᠠᠭ᠎ᠠ ᠪᠠᠨ ᠨᠡᠮᠡᠭᠳᠡᠭᠦᠯᠵᠦ᠂ ᠠᠵᠢᠯ ᠢ ᠠᠬᠢᠭᠤᠯᠬᠤ ᠳᠤᠮᠳᠠᠬᠢ ᠬᠦᠴᠢᠷᠳᠡᠯ ᠪᠣᠯᠣᠨ ᠠᠰᠠᠭᠤᠳᠠᠯ ᠢ ᠴᠠᠭ ᠲᠤᠬᠠᠢ ᠳᠤᠨᠢ ᠵᠣᠬᠢᠴᠠᠭᠤᠯᠤᠨ ᠰᠢᠢᠳᠪᠦᠷᠢᠯᠡᠵᠦ᠂ ᠣᠷᠴᠢᠨ ᠲᠣᠭᠤᠷᠢᠨ ᠤ ᠶᠠᠰᠤ ᠴᠢᠨᠠᠷ ᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠤᠯᠠᠨ ᠲᠦᠮᠡᠨ ᠤ ᠵᠣᠯ  ᠵᠢᠷᠭᠠᠯᠲᠦ ᠲᠥᠷᠥᠭᠳᠡᠯ᠂ ᠬᠦᠷᠲᠡᠮᠵᠢ ᠶᠢᠨ ᠲᠥᠷᠥᠭᠳᠡᠯ᠂ ᠠᠮᠤᠷ ᠲᠦᠪᠰᠢᠨ ᠤ ᠲᠥᠷᠥᠭᠳᠡᠯ ᠢ ᠦᠨᠡᠨᠬᠦ ᠨᠡᠮᠡᠭᠳᠡᠭᠦᠯᠬᠦ ᠬᠡᠷᠡᠭᠲᠡᠢ︔ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡᠨ ᠤ ᠴᠠᠬᠢᠯᠭᠠᠨ ᠴᠡᠨᠡᠭᠯᠡᠬᠦ ᠠᠰᠠᠭᠤᠳᠠᠯ ᠤᠨ ᠲᠠᠯ᠎ᠠ ᠪᠠᠷ᠂ ᠡᠯ᠎ᠡ ᠵᠡᠭᠡᠯᠢ ᠪᠠᠯᠭᠠᠰᠤ ᠨᠢ ᠰᠠᠭᠤᠭᠠᠯᠢ ᠠᠷᠠᠳ ᠤᠨ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡᠨ ᠤ ᠴᠠᠬᠢᠯᠭᠠᠨ ᠴᠡᠨᠡᠭᠯᠡᠬᠦ ᠬᠡᠷᠡᠭᠴᠡᠭᠡ ᠶᠢ ᠰᠢᠢᠳᠪᠦᠷᠢᠯᠡᠬᠦ᠂ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡᠨ ᠤ ᠴᠠᠬᠢᠯᠭᠠᠨ ᠴᠡᠨᠡᠭᠯᠡᠬᠦ ᠶᠢ ᠠᠮᠤᠷ ᠲᠦᠪᠰᠢᠨ ᠢᠶᠠᠷ ᠵᠣᠭᠰᠣᠭᠠᠵᠤ ᠴᠠᠬᠢᠯᠭᠠᠨ ᠴᠡᠨᠡᠭᠯᠡᠬᠦ ᠶᠢ ᠵᠢᠷᠤᠮᠵᠢᠭᠤᠯᠬᠤ᠂ ᠠᠮᠤᠷ ᠲᠦᠪᠰᠢᠨ ᠤ ᠳᠠᠯᠳᠠ ᠬᠡᠮ ᠢ ᠰᠡᠷᠭᠡᠶᠢᠯᠡᠨ ᠠᠷᠢᠯᠭᠠᠬᠤ ᠪᠠᠷ ᠡᠬᠢᠯᠡᠯᠲᠡ ᠪᠣᠯᠭᠠᠵᠤ᠂ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡᠨ ᠤ ᠴᠠᠬᠢᠯᠭᠠᠨ ᠴᠡᠨᠡᠭᠯᠡᠬᠦ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢᠨ ᠪᠣᠯᠣᠮᠵᠢᠲᠤ ᠴᠢᠨᠠᠷ ᠢ ᠠᠯᠢ ᠲᠦᠷᠭᠡᠨ ᠢᠶᠠᠷ ᠣᠶᠢᠯᠠᠭᠠᠵᠤ᠂ ᠬᠤᠯᠪᠣᠭᠳᠠᠯ ᠪᠦᠬᠦᠢ ᠲᠥᠬᠦᠭᠡᠷᠦᠮᠵᠢ ᠶᠢ ᠠᠯᠢ ᠲᠦᠷᠭᠡᠨ ᠢᠶᠠᠷ ᠲᠡᠭᠦᠯᠳᠡᠷᠵᠢᠭᠦᠯᠬᠦ ᠬᠡᠷᠡᠭᠲᠡᠢ︔ ᠠᠭᠠᠷ ᠲᠠᠬᠢ ︽ᠨᠢᠰᠬᠦ ᠱᠤᠭᠤᠮ︾᠎ ᠤᠨ ᠵᠠᠰᠠᠯᠲᠠ ᠶᠢᠨ ᠠᠰᠠᠭᠤᠳᠠᠯ ᠳᠤ᠂ ᠬᠠᠷᠢᠭᠤᠴᠠᠯᠭᠠᠲᠤ ᠰᠠᠯᠠᠭ᠎ᠠ ᠮᠥᠴᠢᠷ ᠨᠢ ᠳᠥᠷᠪᠡᠨ ᠲᠣᠮᠣ ᠡᠵᠡᠩᠨᠡᠯᠲᠡ ᠶᠢᠨ ᠬᠤᠳᠠᠯᠳᠤᠭᠠᠴᠢᠨ ᠲᠠᠢ ᠬᠤᠯᠪᠤᠭᠠᠯᠠᠨ ᠲᠥᠯᠦᠪᠵᠢᠭᠦᠯᠭᠡ ᠶᠢᠨ ᠪᠠᠶᠢᠷᠢᠯᠠᠭᠤᠯᠤᠯᠲᠠ ᠶᠣᠰᠣᠭᠠᠷ ᠪᠠᠷᠢᠯᠭ᠎ᠠ ᠶᠢᠨ ᠠᠵᠢᠯ ᠤᠨ ᠠᠬᠢᠴᠠ ᠶᠢ ᠲᠦᠷᠭᠡᠳᠬᠡᠨ ᠠᠬᠢᠭᠤᠯᠵᠤ᠂ ᠬᠠᠶᠠᠭᠳᠠᠮᠠᠯ ᠤᠲᠠᠰᠤ ᠳᠡᠭᠡᠰᠦ ᠶᠢ ᠴᠠᠭ ᠲᠤᠬᠠᠢ ᠳᠤᠨᠢ ᠨᠤᠷᠠᠭᠠᠵᠤ᠂ ᠬᠡᠷᠡᠭᠯᠡᠵᠦ ᠪᠠᠶᠢᠭ᠎ᠠ ᠤᠲᠠᠰᠤ ᠳᠡᠭᠡᠰᠦ ᠶᠢ ᠡᠮᠬᠢᠯᠡᠨ ᠳᠢᠭᠯᠡᠵᠦ᠂ ᠤᠲᠠᠰᠤ ᠳᠠᠮᠵᠢᠭᠤᠯᠬᠤ ᠪᠠᠶᠢᠷᠢᠰᠢᠯ ᠨᠢ ᠲᠣᠳᠣᠷᠬᠠᠢ᠂ ᠳᠦᠷᠰᠦ ᠪᠠᠶᠢᠳᠠᠯ ᠨᠢ ᠴᠡᠪᠡᠷ ᠲᠡᠭᠰᠢ ᠪᠠᠶᠢᠬᠤ ᠶᠢ ᠦᠨᠡᠨᠬᠦ ᠪᠠᠲᠤᠯᠠᠬᠤ ᠬᠡᠷᠡᠭᠲᠡᠢ ᠭᠡᠵᠦ ᠴᠢᠬᠤᠯᠠᠴᠢᠯᠠᠪᠠ᠃        ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠲᠣᠪᠴᠢᠶ᠎ᠠ᠂ ᠡᠯ᠎ᠡ ᠵᠡᠭᠡᠯᠢ ᠪᠠᠯᠭᠠᠰᠤ᠂ ᠢᠦᠢ ᠾᠧ ᠲᠢᠶᠠᠨ ᠺᠣᠮᠫᠠᠨᠢ ᠵᠡᠷᠭᠡ ᠬᠤᠯᠪᠣᠭᠳᠠᠯ ᠪᠦᠬᠦᠢ ᠨᠢᠭᠡᠴᠡ ᠶᠢᠨ ᠬᠠᠷᠢᠭᠤᠴᠠᠯᠭᠠᠲᠠᠨ ᠪᠠᠶᠢᠴᠠᠭᠠᠨ ᠰᠤᠳᠤᠯᠤᠯᠲᠠ ᠳᠤ ᠣᠷᠣᠯᠴᠠᠪᠠ᠃
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号