ᠪᠠᠢ ᠶᠦᠨ ᠰᠢ ᠠᠮᠢᠳᠤᠷᠠᠯ ᠤᠨ ᠬᠤᠭ ᠨᠣᠪᠰᠢ ᠶᠢ ᠲᠦᠷᠦᠯ ᠬᠤᠪᠢᠶᠠᠬᠤ ᠠᠵᠢᠯ ᠢ ᠪᠠᠶᠢᠴᠠᠭᠠᠨ ᠰᠤᠳᠤᠯᠪᠠ
ᠨᠡᠶᠢᠲᠡᠯᠡᠭᠰᠡᠨ ᠴᠠᠭ᠄
2024/4/7
      4 ᠰᠠᠷ᠎ᠠ ᠶᠢᠨ 3 ᠤ ᠡᠳᠦᠷ᠂ ᠲᠤᠭᠤᠷᠢᠭ ᠤᠨ ᠨᠠᠮ ᠤᠨ ᠬᠤᠷᠢᠶ᠎ᠠ ᠶᠢᠨ ᠳᠡᠳ᠋ ᠱᠦᠵᠢ᠂ ᠵᠠᠰᠠᠭ ᠤᠨ ᠣᠷᠳᠣᠨ ᠤ ᠳᠠᠷᠤᠭ᠎ᠠ ᠪᠠᠢ ᠶᠦᠨ ᠰᠢ ᠠᠮᠢᠳᠤᠷᠠᠯ ᠤᠨ ᠬᠤᠭ ᠨᠣᠪᠰᠢ ᠶᠢ ᠲᠥᠷᠥᠯ ᠬᠤᠪᠢᠶᠠᠬᠤ ᠠᠵᠢᠯ ᠢ ᠲᠤᠬᠠᠢ ᠶᠢᠨ ᠭᠠᠵᠠᠷ ᠲᠤᠨᠢ ᠪᠠᠶᠢᠴᠠᠭᠠᠨ ᠰᠤᠳᠤᠯᠪᠠ᠃ ᠵᠠᠰᠠᠭ ᠤᠨ ᠣᠷᠳᠣᠨ ᠤ ᠳᠡᠳ᠋ ᠳᠠᠷᠤᠭ᠎ᠠ ᠵᠠᠩ ᠵᠢᠶᠠᠨ ᠪᠠᠶᠢᠴᠠᠭᠠᠨ ᠰᠤᠳᠤᠯᠤᠯᠲᠠ ᠳᠤ ᠣᠷᠣᠯᠴᠠᠪᠠ᠃      ᠪᠠᠢ ᠶᠦᠨ ᠰᠢ ᠨᠠᠷ ᠤᠷᠢᠳ ᠬᠤᠵᠢᠳ ᠴᠢᠩᠱᠠᠨ ᠲᠣᠭᠤᠷᠢᠭ ᠤᠨ ᠠᠮᠢᠳᠤᠷᠠᠯ ᠤᠨ ᠬᠤᠭ ᠨᠣᠪᠰᠢ ᠶᠢ ᠲᠦᠷᠦᠯ ᠬᠤᠪᠢᠶᠠᠬᠤ ᠶᠢ ᠤᠬᠠᠭᠤᠯᠬᠤ ᠬᠢᠴᠢᠶᠡᠯ ᠤᠨ ᠭᠡᠷ᠂ ᠪᠡᠭᠡᠵᠢᠩ ᠬᠤᠸᠠ ᠯᠢᠶᠠᠨ ᠬᠤᠳᠠᠯᠳᠤᠭᠠᠨ ᠤ ᠲᠥᠪ᠂ ᠺᠠᠩ ᠯᠧ ᠪᠠᠭ᠎ᠠ ᠲᠣᠭᠤᠷᠢᠭ᠂ ᠤᠮᠠᠷᠠᠲᠤ ᠶᠢᠨ ᠵᠣᠴᠢᠳ ᠤᠨ ᠪᠠᠭᠤᠳᠠᠯ᠂ ᠤᠰᠤᠲᠤ ᠶᠢᠨ ᠬᠡᠷᠡᠭ ᠡᠷᠬᠢᠯᠡᠬᠦ ᠭᠠᠵᠠᠷ ᠪᠠ 202 ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ ᠵᠡᠷᠭᠡ ᠭᠠᠵᠠᠷ ᠲᠤ ᠬᠦᠷᠴᠦ᠂ ᠬᠤᠭ ᠨᠣᠪᠰᠢ ᠴᠤᠭᠯᠠᠭᠤᠯᠬᠤ ᠭᠠᠵᠠᠷ ᠤᠨ ᠬᠤᠭ ᠤᠨ ᠰᠠᠪᠠ ᠶᠢ ᠨᠢᠭᠡᠳ ᠨᠢᠭᠡ ᠪᠠᠷ ᠪᠠᠶᠢᠴᠠᠭᠠᠨ ᠦᠵᠡᠵᠦ᠂ ᠰᠠᠭᠤᠭᠠᠯᠢ ᠠᠷᠠᠳ ᠤᠨ ᠲᠣᠭᠤᠷᠢᠭ ᠤᠨ ᠠᠮᠢᠳᠤᠷᠠᠯ ᠤᠨ ᠬᠤᠭ ᠨᠣᠪᠰᠢ ᠶᠢ ᠲᠥᠷᠥᠯ ᠬᠤᠪᠢᠶᠠᠬᠤ ᠪᠠ ᠬᠤᠷᠢᠶᠠᠨ ᠲᠡᠭᠡᠭᠡᠪᠦᠷᠢᠯᠡᠬᠦ ᠠᠵᠢᠯ ᠢ ᠨᠠᠷᠢᠨ ᠠᠰᠠᠭᠤᠵᠤ᠂ ᠲᠥᠷᠥᠯ ᠬᠤᠪᠢᠶᠠᠭᠰᠠᠨ ᠲᠥᠬᠦᠭᠡᠷᠦᠮᠵᠢ ᠶᠢᠨ ᠬᠡᠷᠡᠭᠯᠡᠯᠲᠡ ᠪᠠ ᠪᠠᠶᠢᠷᠢᠯᠠᠭᠤᠯᠤᠯᠲᠠ ᠵᠢᠴᠢ ᠬᠤᠭ ᠨᠣᠪᠰᠢ ᠶᠢ ᠲᠥᠷᠥᠯ ᠬᠤᠪᠢᠶᠠᠨ ᠤᠬᠠᠭᠤᠯᠤᠭᠰᠠᠨ ᠪᠠᠶᠢᠳᠠᠯ ᠳᠤ᠂ ᠬᠤᠳᠠᠯᠳᠤᠭᠠᠨ ᠤ ᠲᠥᠪ᠂ ᠵᠣᠴᠢᠳ ᠤᠨ ᠪᠠᠭᠤᠳᠠᠯ᠂ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ ᠤᠨ ᠡᠳᠦᠷ ᠪᠦᠷᠢ ᠶᠢᠨ ᠲᠣᠭᠤᠭᠠᠨ ᠭᠡᠷ ᠤᠨ ᠬᠤᠭ ᠨᠣᠪᠰᠢ ᠶᠢᠨ ᠲᠤᠭ᠎ᠠ ᠬᠡᠮᠵᠢᠶ᠎ᠡ᠂ ᠲᠥᠷᠥᠯ ᠬᠤᠪᠢᠶᠠᠨ ᠭᠠᠷᠭᠠᠬᠤ᠂ ᠬᠤᠷᠢᠶᠠᠨ ᠴᠤᠭᠯᠠᠭᠤᠯᠬᠤ ᠪᠠ ᠬᠤᠷᠢᠶᠠᠨ ᠲᠡᠭᠡᠭᠡᠪᠦᠷᠢᠯᠡᠬᠦ ᠶᠠᠪᠤᠴᠠ ᠶᠢ ᠭᠤᠣᠯᠳᠠᠯᠭ᠎ᠠ ᠲᠠᠢ ᠣᠶᠢᠯᠠᠭᠠᠵᠤ᠂ ᠬᠤᠭ ᠨᠣᠪᠰᠢ ᠶᠢ ᠲᠥᠷᠥᠯ ᠬᠤᠪᠢᠶᠠᠨ ᠣᠶᠤᠨᠴᠢ ᠪᠠᠷ ᠲᠠᠯᠪᠢᠬᠤ ᠲᠥᠬᠦᠭᠡᠷᠦᠮᠵᠢ ᠶᠢᠨ ᠬᠡᠷᠡᠭᠯᠡᠯᠲᠡ ᠶᠢᠨ ᠶᠠᠪᠤᠴᠠ ᠶᠢ ᠨᠠᠷᠢᠨ ᠠᠵᠢᠭᠯᠠᠬᠤ ᠶᠢᠨ ᠬᠠᠮᠲᠤ ᠢᠯᠡᠷᠡᠭᠦᠯᠦᠭᠰᠡᠨ ᠠᠰᠠᠭᠤᠳᠠᠯ ᠪᠠ ᠬᠦᠷᠦᠯᠴᠡᠬᠦ ᠦᠭᠡᠢ ᠭᠠᠵᠠᠷ ᠲᠤ ᠴᠡᠭᠴᠡᠯᠡᠨ ᠰᠠᠶᠢᠵᠢᠷᠠᠭᠤᠯᠬᠤ ᠰᠠᠨᠠᠯ ᠳᠤᠷᠠᠳᠪᠠ᠃       ᠪᠠᠢ ᠶᠦᠨ ᠰᠢ᠂ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠤᠭ ᠨᠣᠪᠰᠢ ᠶᠢ ᠲᠦᠷᠦᠯ ᠬᠤᠪᠢᠶᠠᠬᠤ ᠠᠵᠢᠯ ᠳᠤ ᠳᠤᠷᠠᠳᠤᠭᠰᠠᠨ ᠰᠢᠨ᠎ᠡ ᠱᠠᠭᠠᠷᠳᠠᠯᠭ᠎ᠠ ᠶᠢᠨ ᠡᠮᠦᠨ᠎ᠡ᠂ ᠡᠯ᠎ᠡ ᠬᠤᠯᠪᠣᠭᠳᠠᠯ ᠪᠦᠬᠦᠢ ᠨᠢᠭᠡᠴᠡ  ᠪᠠ ᠰᠠᠯᠠᠭ᠎ᠠ ᠮᠥᠴᠢᠷ ᠤᠨ ᠬᠢᠨ ᠬᠠᠷᠠᠯᠲᠠ ᠡᠭᠦᠷᠭᠡ ᠪᠠᠨ ᠴᠢᠨᠠᠭᠰᠢᠳᠠ ᠲᠣᠳᠣᠷᠬᠠᠶᠢᠯᠠᠵᠤ᠂ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ᠂ ᠪᠣᠳᠠᠲᠠᠢ ᠠᠴᠠ ᠡᠭᠦᠰᠴᠦ᠂ ᠬᠦᠴᠦᠨ ᠢᠶᠠᠨ ᠲᠥᠪᠯᠡᠷᠡᠭᠦᠯᠦᠨ ᠳᠤᠲᠠᠭᠤᠳᠠᠯ ᠢᠶᠠᠨ ᠨᠥᠬᠦᠪᠦᠷᠢᠯᠡᠵᠦ᠂ ᠠᠵᠢᠯ ᠢᠶᠠᠨ ᠨᠠᠷᠢᠯᠢᠭᠵᠢᠭᠤᠯᠵᠤ᠂ ᠡᠮᠬᠢ ᠵᠢᠷᠤᠮ ᠲᠠᠢ ᠠᠬᠢᠭᠤᠯᠬᠤ ᠬᠡᠷᠡᠭᠲᠡᠢ᠃ ᠬᠤᠭ ᠨᠣᠪᠰᠢ ᠶᠢ ᠲᠥᠷᠥᠯ ᠬᠤᠪᠢᠶᠠᠬᠤ ᠪᠡᠯᠡᠳᠬᠡᠮᠵᠢ ᠶᠢ ᠲᠠᠰᠤᠷᠠᠯᠲᠠ ᠦᠭᠡᠢ ᠲᠡᠭᠦᠯᠳᠡᠷᠵᠢᠭᠦᠯᠵᠦ᠂ ᠬᠤᠭ ᠨᠣᠪᠰᠢ ᠶᠢ ᠲᠥᠷᠥᠯ ᠬᠤᠪᠢᠶᠠᠬᠤ ᠠᠵᠢᠯ ᠢ ᠡᠬᠢ ᠡᠭᠦᠰᠦᠯ ᠠᠴᠠ ᠨᠢ ᠰᠠᠶᠢᠲᠤᠷ ᠬᠢᠵᠦ᠂ ᠢᠯᠠᠩᠭᠤᠶ᠎ᠠ ᠲᠣᠭᠤᠭᠠᠨ ᠭᠡᠷ ᠤᠨ ᠬᠤᠭ ᠨᠣᠪᠰᠢ ᠶᠢ ᠲᠥᠷᠥᠯ ᠬᠤᠪᠢᠶᠠᠬᠤ ᠠᠵᠢᠯ ᠢ ᠰᠠᠶᠢᠲᠤᠷ ᠬᠢᠵᠦ᠂ ᠢᠯᠭᠠᠬᠤ ᠪᠠ ᠠᠵᠢᠯᠲᠠᠨ ᠤ ᠣᠷᠣᠭᠤᠯᠤᠯᠲᠠ ᠶᠢ ᠴᠢᠩᠭᠠᠳᠬᠠᠨ᠂ ᠬᠠᠮᠢᠶ᠎ᠠ ᠪᠦᠬᠦᠢ ᠠᠵᠢᠯᠲᠠᠨ ᠤ ᠲᠥᠷᠥᠯ ᠬᠤᠪᠢᠶᠠᠬᠤ ᠮᠡᠳᠡᠯᠭᠡ ᠶᠢᠨ ᠪᠣᠯᠪᠠᠰᠤᠷᠠᠭᠤᠯᠤᠯ ᠢ ᠰᠠᠶᠢᠲᠤᠷ ᠬᠢᠵᠦ᠂ ᠬᠤᠭ ᠨᠣᠪᠰᠢ ᠶᠢ ᠲᠥᠷᠥᠯ ᠬᠤᠪᠢᠶᠠᠬᠤ ᠪᠣᠳᠠᠲᠤ ᠦᠷ᠎ᠡ ᠪᠦᠲᠦᠮᠵᠢ ᠶᠢ ᠳᠡᠭᠡᠭᠰᠢᠯᠡᠭᠦᠯᠬᠦ ᠬᠡᠷᠡᠭᠲᠡᠢ᠃ ᠤᠯᠠᠨ ᠲᠦᠮᠡᠨ ᠤ ᠦᠵᠡᠵᠦ ᠰᠣᠨᠢᠷᠬᠠᠬᠤ ᠳᠤᠷᠠᠲᠠᠢ ᠠᠷᠭ᠎ᠠ ᠮᠠᠶ᠋ᠢᠭ ᠢᠶᠠᠷ ᠤᠯᠠᠨ ᠡᠰᠢᠴᠢᠯᠡᠭᠰᠡᠨ ᠤᠬᠠᠭᠤᠯᠭ᠎ᠠ ᠶᠢ ᠥᠷᠨᠢᠭᠦᠯᠵᠦ᠂ ᠬᠤᠭ ᠨᠣᠪᠰᠢ ᠶᠢ ᠲᠦᠷᠦᠯ ᠬᠤᠪᠢᠶᠠᠬᠤ ᠮᠡᠳᠡᠯᠭᠡ ᠶᠢ ᠲᠦᠭᠡᠮᠡᠯᠵᠢᠭᠦᠯᠵᠦ᠂ ᠬᠤᠭ ᠨᠣᠪᠰᠢ ᠶᠢ ᠲᠦᠷᠦᠯ ᠬᠤᠪᠢᠶᠠᠨ ᠬᠥᠲᠥᠯᠥᠨ ᠵᠢᠯᠤᠭᠤᠳᠬᠤ ᠶᠢ ᠴᠢᠩᠭᠠᠳᠬᠠᠵᠤ᠂ ᠰᠠᠭᠤᠭᠠᠯᠢ ᠠᠷᠠᠳ ᠤᠨ ᠲᠦᠷᠦᠯ ᠬᠤᠪᠢᠶᠠᠬᠤ ᠤᠬᠠᠮᠰᠠᠷ ᠪᠠ ᠢᠳᠡᠪᠬᠢᠵᠢᠯ ᠢ ᠳᠡᠭᠡᠭᠰᠢᠯᠡᠭᠦᠯᠵᠦ᠂ ᠨᠡᠩ ᠤᠯᠠᠨ ᠤᠯᠠᠨ ᠲᠦᠮᠡᠨ ᠢ ᠲᠠᠶᠢᠴᠢᠯᠠᠨ ᠲᠦᠷᠦᠯ ᠬᠤᠪᠢᠶᠠᠨ ᠲᠠᠯᠪᠢᠬᠤ ᠰᠠᠶᠢᠨ ᠳᠠᠳᠬᠠᠯ ᠲᠠᠢ ᠪᠣᠯᠭᠠᠵᠤ᠂ ᠪᠣᠬᠢᠷᠲᠤᠯ ᠦᠭᠡᠢ ᠦᠢᠯᠡᠳᠪᠦᠷᠢᠯᠡᠯ ᠠᠮᠢᠳᠤᠷᠠᠯ ᠤᠨ ᠠᠷᠭ᠎ᠠ ᠮᠠᠶ᠋ᠢᠭ ᠢ ᠲᠦᠷᠭᠡᠪᠴᠢᠯᠡᠨ ᠪᠤᠢ ᠪᠣᠯᠭᠠᠵᠤ᠂ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢ ᠲᠦᠯᠬᠢᠨ ᠠᠬᠢᠭᠤᠯᠬᠤ᠂ ᠪᠦᠬᠦ ᠨᠡᠶᠢᠭᠡᠮ ᠤᠨ ᠪᠣᠯᠪᠠᠰᠤᠨ ᠤ ᠬᠡᠮᠵᠢᠶ᠎ᠡ ᠶᠢ ᠳᠡᠭᠡᠭᠰᠢᠯᠡᠭᠦᠯᠬᠦ ᠳᠤ ᠴᠢᠩᠱᠠᠨ ᠤ ᠬᠦᠴᠦᠨ ᠴᠢᠳᠠᠯ ᠢᠶᠠᠨ ᠡᠷᠭᠦᠬᠦ ᠬᠡᠷᠡᠭᠲᠡᠢ ᠭᠡᠵᠦ ᠴᠢᠬᠤᠯᠠᠴᠢᠯᠠᠪᠠ᠃       ᠲᠤᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ ᠲᠤᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ᠂ ᠲᠤᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠲᠣᠪᠴᠢᠶ᠎ᠠ ᠵᠡᠷᠭᠡ ᠬᠤᠯᠪᠣᠭᠳᠠᠯ ᠪᠦᠬᠦᠢ ᠨᠢᠭᠡᠴᠡ ᠶᠢᠨ ᠬᠠᠷᠢᠭᠤᠴᠠᠯᠭᠠᠲᠠᠨ ᠪᠠᠶᠢᠴᠠᠭᠠᠨ ᠰᠤᠳᠤᠯᠤᠯᠲᠠ ᠳᠤ ᠣᠷᠣᠯᠴᠠᠪᠠ᠃
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号