ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠤ ᠣᠬᠠᠮᠰᠠᠷ ᠢ ᠪᠠᠳᠣᠳᠬᠠᠵᠣ᠂ ᠬᠡᠷ ᠪᠥᠯᠢ ᠰᠣᠷᠭᠠᠭᠤᠯᠢ ᠨᠡᠶᠢᠭᠡᠮ ᠨᠡᠶᠢᠳᠡ ᠬᠠᠮᠵᠢᠯᠴᠠᠨ ᠭᠥᠮᠥᠨ ᠢ ᠬᠥᠮᠥᠵᠢᠬᠦᠯᠭᠦ ᠰᠢᠨ᠎ᠡ ᠶᠠᠩᠵᠣ ᠪᠠᠶᠢᠳᠠᠯ ᠢ ᠪᠣᠢ ᠪᠣᠯᠭᠠᠨ᠎ᠠ
ᠨᠡᠶᠢᠲᠡᠯᠡᠭᠰᠡᠨ ᠴᠠᠭ᠄
2023/3/22
      ᠨᠠᠮ ᠤᠨ ᠬᠤᠷᠢᠳᠣᠭᠠᠷ ᠶᠡᠭᠡ ᠬᠤᠷᠠᠯ ᠤᠨ ᠢᠯᠡᠳᠭᠡᠯ ᠳᠤ ᠲᠣᠷᠠᠳᠣᠭᠰᠠᠨ ︽ᠬᠡᠷ ᠪᠥᠯᠢ ᠭᠡᠷ ᠤᠨ ᠰᠣᠷᠭᠠᠯ ᠭᠡᠷ ᠤᠨ ᠰᠣᠷᠳᠠᠯ ᠤᠨ ᠪᠠᠶᠢᠭᠤᠯᠣᠯᠳᠠ ᠶᠢ ᠴᠢᠩᠭᠠᠳᠬᠠᠬᠤ︾ ᠵᠣᠷᠢᠭ ᠰᠠᠨᠠᠭ᠎ᠠ ᠶᠢ ᠪᠥᠬᠦ ᠲᠠᠯ᠎ᠠ ᠪᠠᠷ ᠲᠣᠭᠤᠰᠢᠯᠠᠭᠤᠯᠣᠨ ᠨᠠᠶᠢᠳᠠᠪᠣᠷᠢᠵᠢᠭᠤᠯᠵᠣ᠂ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠪᠠ ︽ᠪᠣᠭᠤᠳᠣ ᠪᠠᠨ ᠬᠠᠶᠢᠷᠠᠯᠠᠵᠣ᠂ ᠬᠤᠪᠢ ᠨᠡᠮᠡᠷᠢ ᠥᠵᠡᠬᠦᠯᠬᠦ︾ ᠭᠤᠣᠯ ᠰᠡᠳᠣᠪᠳᠣ ᠬᠥᠮᠥᠵᠢᠯ ᠥᠢᠯᠡᠳᠣᠯᠭᠡ ᠶᠢᠨ ᠠᠵᠢᠯᠯᠠᠭ᠎ᠠ ᠶᠢ ᠭᠥᠨᠵᠡᠭᠡᠢ ᠠᠬᠢᠭᠤᠯᠵᠣ᠂ ︽ᠮᠢᠩᠭᠠᠨ ᠪᠠᠭᠰᠢ ᠲᠥᠮᠡᠨ ᠡᠷᠣᠭᠡ ᠳᠤ ᠰᠣᠷᠪᠣᠯᠵᠢᠯᠠᠬᠤ︾᠂ ︽ᠭᠡᠷ ᠤᠨ ᠰᠣᠷᠭᠠᠯ ᠢ ᠣᠯᠠᠮᠵᠢᠯᠠᠬᠤ᠂ ᠭᠡᠷ ᠤᠨ ᠰᠣᠷᠳᠠᠯ ᠢ ᠪᠣᠢ ᠪᠣᠯᠭᠠᠬᠤ᠂ ᠪᠠᠭᠰᠢ ᠶᠢᠨ ᠰᠥᠭ ᠰᠥᠨᠡᠰᠣ ᠶᠢ ᠱᠣᠭᠤᠬᠤ︾ ᠠᠵᠢᠯᠯᠠᠭ᠎ᠠ ᠶᠢᠨ ᠭᠥᠮᠥᠵᠢᠯ ᠤᠨ ᠠᠭᠤᠯᠣᠭᠳᠠᠬᠤᠨ ᠪᠠ ᠠᠴᠢ ᠬᠤᠯᠪᠣᠭᠳᠠᠯ ᠢ ᠲᠠᠰᠣᠷᠠᠯᠳᠠ ᠥᠭᠡᠢ ᠲᠡᠭᠡᠭᠰᠢᠯᠡᠬᠦᠯᠬᠦ ᠶᠢᠨ ᠲᠥᠯᠥᠭᠡ᠂ ᠣᠶᠢᠷ᠎ᠡ ᠳᠤ᠂ ᠴᠢᠩᠱᠠᠨ ᠲᠣᠭᠤᠷᠢᠭ ᠤᠨ ᠬᠡᠷ ᠪᠥᠯᠢ ᠰᠣᠷᠭᠠᠭᠤᠯᠢ ᠨᠡᠶᠢᠭᠡᠮ ᠨᠡᠶᠢᠳᠡ ᠬᠠᠮᠵᠢᠯᠴᠠᠨ ᠭᠥᠮᠥᠨ ᠢ ᠬᠥᠮᠥᠵᠢᠬᠦᠯᠭᠦ ᠬᠤᠯᠪᠣᠭ᠎ᠠ ᠶᠢᠨ ᠬᠢᠨ ᠣᠮᠠᠷᠠᠳᠣ ᠶᠢᠨ ᠭᠥᠨᠳᠣ ᠠᠵᠣ ᠥᠢᠯᠡᠳᠪᠥᠷᠢ ᠶᠢᠨ ᠭᠤᠷᠪᠠᠳᠣᠭᠠᠷ ᠲᠣᠮᠳᠠᠳᠣ ᠰᠣᠷᠭᠠᠭᠤᠯᠢ ᠶᠢᠨ ᠮᠡᠳᠡᠭᠦᠯᠥᠯᠳᠡ ᠶᠢᠨ ᠲᠢᠩᠬᠢᠮ ᠳᠤ ︽︿ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠢ ᠪᠠᠳᠣᠳᠬᠠᠬᠤ ᠭᠤᠣᠯ ᠰᠡᠳᠣᠪᠳᠣ ᠬᠥᠮᠥᠵᠢᠯ ᠤᠨ ᠠᠵᠢᠯᠯᠠᠭ᠎ᠠ﹀ ----- ᠴᠢᠩᠱᠠᠨ ᠲᠣᠭᠤᠷᠢᠭ ᠤᠨ ᠰᠣᠷᠭᠠᠨ ᠬᠥᠮᠥᠵᠢᠯ ᠤᠨ ᠰᠢᠰᠲ᠋ᠧᠮ ᠤᠨ ᠲᠠᠪᠣᠳᠣᠭᠠᠷ ᠬᠤᠭᠤᠴᠠᠭᠠᠨ ᠤ ︿ᠮᠢᠨᠣ ᠭᠡᠷ ᠤᠨ ᠰᠣᠷᠭᠠᠯ᠂ ᠮᠢᠨᠣ ᠭᠡᠷ ᠤᠨ ᠰᠣᠷᠳᠠᠯ᠂ ᠮᠢᠨᠣ ᠭᠡᠷ ᠤᠨ ᠰᠣᠷᠪᠣᠯᠵᠢᠯᠠᠭ᠎ᠠ﹀︾ ᠬᠡᠬᠦ ᠶᠠᠷᠢᠶᠠᠨ ᠤ ᠥᠷ᠎ᠡ ᠪᠥᠳᠥᠭᠡᠯ ᠤᠨ ᠥᠵᠡᠬᠦᠯᠥᠯᠭᠡ ᠶᠢᠨ ᠬᠠᠷᠢᠭᠤ ᠮᠡᠳᠡᠭᠦᠯᠥᠯᠳᠡ ᠶᠢᠨ ᠬᠤᠷᠠᠯ ᠢ ᠡᠷᠬᠢᠯᠡᠪᠠ᠃      ᠲᠣᠰ ᠣᠳᠠᠭᠠᠨ ᠤ ᠠᠵᠢᠯᠯᠠᠭᠠᠨ ᠳᠤ ᠪᠣᠭᠤᠳᠣ ᠬᠤᠳᠠ ᠶᠢᠨ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠵᠥᠪᠯᠡᠯ ᠤᠨ ᠪᠠᠶᠢᠩᠭᠤ ᠶᠢᠨ ᠲᠡᠳ᠋ ᠡᠷᠬᠢᠯᠡᠭᠴᠢ᠂ ᠨᠠᠷᠢᠨ ᠪᠢᠴᠢᠭ ᠤᠨ ᠲᠠᠷᠤᠭ᠎ᠠ᠂ ᠪᠣᠭᠤᠳᠣ ᠬᠤᠳᠠ ᠶᠢᠨ ᠰᠣᠷᠭᠠᠨ ᠬᠥᠮᠥᠵᠢᠯ ᠤᠨ ᠲᠣᠪᠴᠢᠶᠠᠨ ᠤ ᠨᠠᠮ ᠤᠨ ᠣᠳᠣᠷᠢᠳᠬᠤ ᠲᠣᠭᠤᠶᠢᠯᠠᠩ ᠤᠨ ᠪᠥᠷᠢᠯᠳᠥᠭᠦᠨ᠂ ᠲᠡᠳ᠋ ᠲᠣᠪᠴᠢᠶᠠᠨ ᠲᠠᠷᠤᠭ᠎ᠠ᠂ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠵᠥᠪᠯᠡᠯ ᠤᠨ ᠡᠷᠬᠢᠯᠡᠭᠴᠢ᠂ ᠴᠢᠩᠱᠠᠨ ᠲᠣᠭᠤᠷᠢᠭ ᠤᠨ ᠨᠠᠮ ᠤᠨ ᠬᠤᠷᠢᠶᠠᠨ ᠤ ᠨᠢᠬᠡᠳᠣᠮᠡᠯ ᠹᠷᠥᠨᠲ ᠤᠨ ᠭᠡᠯᠳᠡᠰ ᠤᠨ ᠲᠠᠷᠤᠭ᠎ᠠ᠂ ᠴᠢᠩᠱᠠᠨ ᠲᠣᠭᠤᠷᠢᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠡᠳ᠋ ᠡᠷᠬᠢᠯᠡᠭᠴᠢ᠂ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠵᠥᠪᠯᠡᠯ ᠤᠨ ᠡᠷᠬᠢᠯᠡᠭᠴᠢ᠂ ᠴᠢᠩᠱᠠᠨ ᠲᠣᠭᠤᠷᠢᠭ ᠤᠨ ᠵᠠᠰᠠᠭ ᠤᠨ ᠣᠷᠳᠣᠨ ᠤ ᠲᠡᠳ᠋ ᠲᠠᠷᠤᠭ᠎ᠠ᠂ ᠴᠢᠩᠱᠠᠨ ᠲᠣᠭᠤᠷᠢᠭ ᠤᠨ ᠨᠠᠮ ᠤᠨ ᠬᠤᠷᠢᠶᠠᠨ ᠤ ᠨᠢᠬᠡᠳᠣᠮᠡᠯ ᠹᠷᠥᠨᠲ ᠤᠨ ᠭᠡᠯᠳᠡᠰ ᠤᠨ ᠲᠡᠳ᠋ ᠲᠠᠷᠤᠭ᠎ᠠ᠂ ᠲᠣᠭᠤᠷᠢᠭ ᠤᠨ ᠥᠨᠳᠥᠰᠥᠳᠡᠨ ᠤ ᠭᠡᠷᠡᠭ ᠡᠷᠬᠢᠯᠡᠬᠦ ᠵᠥᠪᠯᠡᠯ ᠤᠨ ᠡᠷᠬᠢᠯᠡᠭᠴᠢ᠂ ᠲᠣᠭᠤᠷᠢᠭ ᠤᠨ ᠰᠣᠷᠭᠠᠨ ᠬᠥᠮᠥᠵᠢᠯ ᠤᠨ ᠰᠢᠰᠲ᠋ᠧᠮ ᠤᠨ ᠬᠠᠮᠢᠶ᠎ᠠ ᠪᠥᠬᠦᠢ ᠣᠳᠣᠷᠢᠳᠣᠯᠭ᠎ᠠ᠂ ᠡᠯ᠎ᠡ ᠰᠣᠷᠭᠠᠭᠤᠯᠢ ᠶᠢᠨ ᠣᠳᠣᠷᠢᠳᠣᠯᠭ᠎ᠠ ᠨᠠᠷ ᠵᠢᠴᠢ ᠬᠡᠷ ᠪᠥᠯᠢ ᠶᠢᠨ ᠵᠥᠪᠯᠡᠯ ᠤᠨ ᠡᠷᠬᠢᠯᠡᠭᠴᠢ᠂ ᠪᠠᠭᠰᠢ ᠶᠢᠨ ᠲᠥᠯᠥᠭᠡᠯᠡᠭᠴᠢ᠂ ᠱᠠᠩᠨᠠᠯ ᠭᠥᠷᠳᠡᠭᠰᠡᠨ ᠰᠣᠷᠣᠭᠴᠢ᠂ ᠭᠡᠷ ᠤᠨ ᠠᠬᠠᠮᠡᠳ᠂ ᠪᠠᠭᠰᠢ ᠨᠠᠷ ᠣᠷᠣᠯᠴᠠᠪᠠ᠃      ᠲᠣᠭᠤᠷᠢᠭ ᠤᠨ ᠰᠣᠷᠭᠠᠨ ᠬᠥᠮᠥᠵᠢᠯ ᠤᠨ ᠲᠣᠪᠴᠢᠶᠠᠨ ᠤ ᠨᠠᠮ ᠤᠨ ᠣᠳᠣᠷᠢᠳᠬᠤ ᠲᠣᠭᠤᠶᠢᠯᠠᠩ ᠤᠨ ᠱᠥᠵᠢ᠂ ᠲᠣᠪᠴᠢᠶᠠᠨ ᠲᠠᠷᠤᠭ᠎ᠠ᠂ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠵᠥᠪᠯᠡᠯ ᠤᠨ ᠨᠡᠷ᠎ᠡ ᠬᠦᠨᠳᠦᠲᠦ ᠡᠷᠬᠢᠯᠡᠭᠴᠢ ᠠᠴᠠ ᠠᠵᠢᠯᠯᠠᠭᠠᠨ ᠳᠤ ᠥᠬᠡ ᠬᠡᠯᠡᠵᠠᠢ᠃ ᠲᠡᠷᠨ ᠬᠡᠯᠡᠬᠦ  ᠳᠡᠭᠡᠨ᠂ 2018 ᠣᠨ ᠳᠤ ᠲᠣᠭᠤᠷᠢᠭ ᠤᠨ ᠰᠣᠷᠭᠠᠨ ᠬᠥᠮᠥᠵᠢᠯ ᠤᠨ ᠲᠣᠪᠴᠢᠶ᠎ᠠ ︽ᠮᠢᠩᠭᠠᠨ ᠪᠠᠭᠰᠢ ᠲᠥᠮᠡᠨ ᠡᠷᠥᠭᠡ ᠳᠤ ᠰᠣᠷᠪᠣᠯᠵᠢᠯᠠᠬᠤ︾ ᠠᠵᠢᠯᠯᠠᠭ᠎ᠠ ᠥᠷᠨᠢᠭᠦᠯᠥᠭᠰᠡᠨ ᠠᠴᠠ ᠨᠠᠭᠠᠰᠢ᠂ ᠪᠥᠬᠦ ᠲᠣᠭᠤᠷᠢᠭ ᠤᠨ ᠡᠯ᠎ᠡ ᠲᠣᠮᠳᠠᠳᠣ ᠪᠠᠭ᠎ᠠ ᠰᠣᠷᠭᠠᠭᠤᠯᠢ᠂ ᠭᠡᠣᠭᠡᠳ ᠤᠨ ᠴᠡᠴᠡᠷᠯᠢᠭ ᠤᠨ ᠣᠳᠣᠷᠢᠳᠣᠯᠭ᠎ᠠ᠂ ᠪᠠᠭᠰᠢ ᠨᠠᠷ ᠡᠳᠣᠷ ᠲᠣᠳᠣᠮ ᠤᠨ ᠪᠠ ᠠᠮᠠᠷᠠᠯᠳᠠ ᠶᠢᠨ ᠬᠤᠭᠤᠴᠠᠭᠠᠨ ᠳᠤ ᠰᠣᠷᠣᠭᠴᠢᠳ ᠤᠨ ᠭᠡᠷ ᠪᠥᠯᠢ ᠳᠤ ᠭᠥᠷᠴᠣ᠂ ᠬᠠᠶᠢᠷ᠎ᠠ ᠬᠠᠯᠠᠮᠵᠢ ᠲᠠᠢ ᠪᠠᠷ ᠭᠡᠷ ᠪᠥᠯᠢ ᠶᠢ ᠰᠣᠷᠪᠣᠯᠵᠢᠯᠠᠳᠠᠭ᠃ ᠬᠡᠣᠭᠡᠳ ᠤᠨ ᠠᠰᠠᠭᠤᠳᠠᠯ ᠭᠠᠷᠣᠭᠰᠠᠨ ᠠᠷᠣ ᠲᠠᠯ᠎ᠠ ᠶᠢᠨ ᠰᠢᠯᠳᠠᠭᠠᠨ᠂ ᠪᠠᠭᠰᠢ ᠶᠢᠨ ᠭᠡᠣᠭᠡᠳ ᠢ ᠬᠠᠯᠠᠭᠤᠨ ᠢᠶᠠᠷ ᠬᠠᠯᠠᠮᠵᠢᠯᠠᠵᠣ ᠪᠠᠶᠢᠭ᠎ᠠ ᠪᠠᠶᠢᠳᠠᠯ᠂ ᠭᠡᠷ ᠤᠨ ᠠᠬᠠᠮᠠᠳ ᠤᠨ ᠰᠣᠷᠭᠠᠭᠤᠯᠢ ᠶᠢ ᠲᠡᠮᠵᠢᠬᠦ ᠬᠢᠬᠡᠳ ᠣᠷᠣᠯᠴᠠᠬᠤ ᠪᠠᠶᠢᠳᠠᠯ ᠵᠡᠷᠭᠡ ᠶᠢ ᠰᠣᠷᠪᠣᠯᠵᠢᠯᠠᠨ ᠮᠡᠳᠡᠵᠣ᠂ ᠭᠡᠷ ᠪᠥᠯᠢ ᠪᠣᠯᠣᠨ ᠰᠣᠷᠭᠠᠭᠤᠯᠢ ᠶᠢᠨ ᠬᠤᠭᠤᠷᠣᠨᠳᠣᠬᠢ ᠬᠠᠷᠢᠯᠴᠠᠭᠠᠨ ᠤ ︽ᠰᠡᠳᠬᠢᠯ ᠢ ᠲᠣᠯᠠᠭᠠᠴᠠᠭᠤᠯᠬᠤ ᠭᠥᠭᠦᠷᠭᠡ︾ ᠶᠢ ᠪᠠᠶᠢᠭᠤᠯᠵᠣ᠂ ᠥᠷᠭᠡᠨ ᠣᠯᠠᠨ ᠭᠡᠷ ᠤᠨ ᠠᠬᠠᠮᠠᠳ ᠪᠣᠯᠣᠨ ᠨᠡᠶᠢᠭᠡᠮ ᠨᠡᠶᠢᠳᠡ ᠶᠢᠨ ᠡᠯ᠎ᠡ ᠡᠳᠡᠭᠡᠳ ᠤᠨ ᠬᠢᠨ ᠤ ᠰᠠᠶᠢᠨ ᠥᠨᠡᠯᠡᠯᠳᠡ ᠶᠢ ᠭᠥᠷᠳᠡᠭᠰᠡᠨ ᠪᠠᠶᠢᠨ᠎ᠠ᠃ ᠬᠡᠷ ᠤᠨ ᠰᠣᠷᠪᠣᠯᠵᠢᠯᠠᠭ᠎ᠠ ᠶᠢᠨ ᠠᠮᠵᠢᠯᠳᠠ ᠲᠠᠢ ᠲᠣᠷᠰᠢᠯᠭ᠎ᠠ ᠶᠢ ᠥᠷᠭᠡᠨ ᠢᠶᠠᠷ ᠲᠡᠯᠭᠡᠷᠡᠭᠦᠯᠵᠣ᠂ ᠭᠡᠷ ᠤᠨ ᠰᠣᠷᠪᠣᠯᠵᠢᠯᠠᠭ᠎ᠠ ᠶᠢᠨ ᠶᠠᠪᠣᠴᠨ ᠳᠤ  ᠡᠭᠦᠰᠥᠭᠰᠡᠨ ᠭᠥᠮᠥᠰ ᠤᠨ ᠰᠡᠳᠬᠢᠯ ᠢ ᠭᠥᠳᠡᠯᠭᠡᠮ᠎ᠡ ᠣᠶᠢᠯᠡ ᠠᠵᠢᠯᠯᠠᠭ᠎ᠠ ᠶᠢ ᠣᠬᠠᠭᠤᠯᠵᠣ᠂ ᠪᠠᠭᠰᠢ ᠶᠢᠨ ᠮᠣᠷᠠᠯ ᠪᠠᠭᠰᠢ ᠶᠢᠨ ᠰᠣᠷᠳᠠᠯ ᠤᠨ ᠰᠠᠶᠢᠨ ᠰᠠᠶᠢᠬᠠᠨ ᠲᠥᠷᠢ ᠲᠥᠷᠬᠦ ᠵᠢ‌ᠢᠯᠡᠷᠡᠬᠦᠯᠬᠦ ᠶᠢᠨ ᠲᠥᠯᠥᠭᠡ᠂ ᠴᠢᠩᠱᠠᠨ ᠲᠣᠭᠤᠷᠢᠭ ᠤᠨ ᠰᠣᠷᠭᠠᠨ ᠭᠥᠮᠥᠵᠢᠯ ᠤᠨ ᠲᠣᠪᠴᠢᠶ᠎ᠠ ᠲᠠᠪᠣᠨ ᠵᠢᠯ ᠳᠤ ︽ᠮᠢᠨᠣ ᠭᠡᠷ ᠤᠨ ᠰᠣᠷᠭᠠᠯ᠂ ᠮᠢᠨᠣ ᠭᠡᠷ ᠤᠨ ᠰᠣᠷᠳᠠᠯ᠂ ᠮᠢᠨᠣ ᠭᠡᠷ ᠤᠨ ᠰᠣᠷᠪᠣᠯᠵᠢᠯᠠᠭ᠎ᠠ︾ ᠬᠡᠭᠦ ᠶᠠᠷᠢᠶ᠎ᠠ ᠢᠯᠡᠳᠭᠡᠯ ᠤᠨ ᠣᠷᠣᠯᠳᠣᠭᠠᠨ ᠢ ᠥᠷᠭᠦᠯᠵᠢᠯᠡᠨ ᠥᠷᠨᠢᠬᠦᠯᠬᠦ ᠶᠢ ᠪᠠᠷᠢᠮᠳᠠᠯᠠᠭᠰᠠᠭᠠᠷ ᠢᠷᠡᠵᠠᠢ᠃ ᠣᠷᠣᠯᠳᠣᠭᠠᠨ ᠤ ᠲᠣᠮᠳᠠ ᠭᠡᠷ ᠪᠥᠯᠢ ᠪᠣᠯᠣᠨ ᠰᠣᠷᠭᠠᠭᠤᠯᠢ ᠶᠢ ᠭᠥᠴᠣ  ᠪᠠᠨ ᠬᠠᠮᠳᠣᠳᠬᠠᠨ ᠰᠡᠳᠬᠢᠯ ᠢᠶᠠᠨ ᠨᠢᠬᠡᠳᠭᠡᠵᠣ ᠬᠠᠮᠳᠣ ᠪᠠᠷ ᠣᠷᠣᠭᠰᠢᠯᠠᠭᠤᠯᠵᠣ᠂ ᠨᠡᠩ ᠣᠯᠠᠨ ᠭᠡᠷ ᠪᠥᠯᠢ ᠶᠢᠨ ᠰᠣᠷᠪᠣᠯᠵᠢᠯᠠᠭ᠎ᠠ ᠶᠢᠨ ᠲᠣᠮᠳᠠ ᠢᠯᠡᠷᠡᠭᠦᠯᠥᠭᠰᠡᠨ ᠰᠢᠯᠢᠳᠡᠭ ᠣᠯᠠᠮᠵᠢᠯᠠᠯᠳᠣ ᠰᠠᠶᠢᠨ ᠰᠠᠶᠢᠬᠠᠨ ᠵᠠᠩ ᠰᠣᠷᠳᠠᠯ ᠪᠣᠯᠣᠨ ᠰᠢᠨᠵᠢᠯᠡᠬᠦ ᠣᠬᠠᠭᠠᠨᠴᠢ ᠰᠣᠷᠭᠠᠨ ᠬᠥᠮᠥᠵᠢᠯ ᠤᠨ ᠠᠷᠭ᠎ᠠ ᠶᠢ ᠰᠢᠨ᠎ᠡ ᠴᠠᠭ ᠥᠶ᠎ᠡ ᠶᠢᠨ ᠨᠡᠶᠢᠭᠡᠮ ᠵᠢᠷᠣᠮ ᠤᠨ ᠶᠣᠰᠣ ᠰᠣᠷᠳᠠᠬᠤᠨ ᠤ ᠪᠠᠶᠢᠭᠤᠯᠣᠯᠳᠠ ᠳᠤ ᠠᠭᠤᠰᠣᠯᠴᠠᠭᠤᠯᠵᠣ᠂ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠤᠨ ᠬᠥᠮᠥᠵᠢᠯ ᠤᠨ ᠰᠢᠨ᠎ᠡ ᠶᠢ ᠡᠭᠦᠳᠬᠦ ᠶᠢ ᠭᠡᠷ ᠪᠥᠯᠢ ᠶᠢᠨ ᠰᠣᠷᠪᠣᠯᠵᠢᠯᠠᠭ᠎ᠠ᠂ ᠭᠡᠷ ᠤᠨ ᠰᠣᠷᠭᠠᠯ᠂ ᠭᠡᠷ ᠤᠨ ᠰᠣᠷᠳᠠᠯ ᠤᠨ ᠪᠠᠶᠢᠭᠤᠯᠣᠯᠳᠠ ᠳᠤ ᠠᠭᠤᠰᠣᠯᠴᠠᠭᠤᠯᠵᠣ᠂ ᠭᠡᠷ ᠪᠥᠯᠢ ᠰᠣᠷᠭᠠᠭᠤᠯᠢ ᠨᠡᠶᠢᠭᠡᠮ ᠨᠡᠶᠢᠳᠡ ᠶᠢᠨ ᠭᠥᠮᠥᠨ ᠢ ᠬᠥᠮᠥᠵᠢᠬᠦᠯᠬᠦ ᠥᠢᠯᠡᠳᠣᠯᠭᠡ ᠶᠢᠨ ᠬᠡᠪ ᠲᠠᠭᠤᠷᠢᠶᠠᠯ ᠨᠢ ᠴᠢᠩᠱᠠᠨ ᠤ ᠰᠣᠷᠭᠠᠨ ᠬᠥᠮᠥᠵᠢᠯ ᠤᠨ ᠣᠨᠴᠠᠯᠢᠭ ᠲᠠᠢ ᠪᠠᠶᠢᠬᠤ ᠶᠢ ᠠᠬᠢᠭᠤᠯᠵᠠᠢ᠃ ᠬᠠᠮᠤᠭ ᠶᠢ ᠰᠡᠬᠦᠯ ᠳᠤᠨᠢ᠂ ᠲᠡᠷᠨ ︽ᠴᠢᠩᠱᠠᠨ ᠤ ᠰᠣᠷᠭᠠᠨ ᠬᠥᠮᠥᠵᠢᠯ ᠤᠨ ᠭᠡᠷ ᠤᠨ ᠰᠣᠷᠭᠠᠯ᠂ ᠭᠡᠷ ᠤᠨ ᠰᠣᠷᠳᠠᠯ᠂ ᠭᠡᠷ ᠤᠨ ᠰᠣᠷᠪᠣᠯᠵᠢᠯᠠᠭ᠎ᠠ ᠶᠢᠨ ᠣᠬᠠᠭᠤᠯᠣᠨ ᠲᠠᠶᠢᠯᠪᠣᠷᠢᠯᠠᠬᠤ ᠪᠥᠯᠬᠦᠮ︾ ᠪᠠᠶᠢᠭᠤᠯᠣᠭᠳᠠᠭᠰᠠᠨ ᠳᠤ ᠪᠠᠶᠠᠷ ᠭᠥᠷᠭᠡᠵᠣ᠂ ᠰᠢᠨ᠎ᠡ ᠪᠥᠷᠢᠯᠳᠥᠬᠦᠨ ᠨᠢᠬᠡᠪᠣᠷᠢ ᠶᠢ ᠥᠪᠡᠷ ᠤᠨ ᠴᠢᠳᠠᠯ ᠤᠨ ᠬᠢᠷᠢ ᠪᠠᠷ ᠢᠶᠠᠨ ᠬᠡᠷ ᠪᠥᠯᠢ ᠶᠢᠨ ᠰᠣᠷᠭᠠᠯ᠂ ᠭᠡᠷ ᠤᠨ ᠰᠣᠷᠭᠠᠯ ᠤᠨ ᠰᠢᠨ᠎ᠡ ᠬᠡᠪ ᠰᠣᠷᠳᠠᠯ ᠢ ᠢᠳᠡᠪᠬᠢᠳᠠᠢ ᠣᠯᠠᠮᠵᠢᠯᠠᠨ ᠮᠠᠭᠳᠠᠵᠣ᠂ ᠴᠢᠩᠱᠠᠨ ᠤ ᠰᠣᠷᠭᠠᠨ ᠬᠥᠮᠥᠵᠢᠯ ᠤᠨ ᠥᠯᠢᠬᠡᠷ ᠢ ᠰᠠᠶᠢᠬᠠᠨ ᠶᠠᠷᠢᠵᠣ᠂ ᠥᠵᠡᠰᠭᠦᠯᠡᠩᠳᠣ ᠰᠠᠶᠢᠬᠠᠨ ᠪᠣᠭᠤᠳᠣ᠂ ᠰᠢᠳᠢᠳᠣ ᠪᠣᠭᠤᠳᠣ᠂ ᠪᠣᠯᠪᠠᠰᠣᠨ ᠪᠣᠭᠤᠳᠣ ᠶᠢ ᠪᠣᠳᠥᠭᠡᠨ ᠪᠠᠶᠢᠭᠤᠯᠬᠤ ᠳᠤ ᠥᠪᠡᠷ ᠤᠨ ᠬᠤᠪᠢ ᠨᠡᠮᠡᠷᠢ ᠪᠠᠨ ᠥᠵᠡᠭᠦᠯᠥᠭᠡᠷᠡᠢ ᠬᠡᠵᠣ ᠵᠣᠷᠢᠭᠵᠢᠭᠤᠯᠪᠠ᠃      ᠶᠠᠷᠢᠶ᠎ᠠ ᠢᠯᠡᠳᠭᠡᠯ ᠤᠨ ᠶᠠᠪᠣᠴᠨ ᠳᠤ᠂ ᠪᠠᠭᠰᠢ᠂ ᠰᠣᠷᠣᠭᠴᠢ᠂ ᠭᠡᠷ ᠤᠨ ᠠᠬᠠᠮᠠᠳ ᠵᠡᠷᠭᠡ ᠱᠠᠩᠨᠠᠯ ᠭᠥᠷᠳᠡᠭᠰᠡᠨ 7 ᠰᠢᠯᠢᠳᠡᠭ ᠲᠥᠯᠥᠭᠡᠯᠡᠭᠴᠢ ᠠᠴᠠ ᠲᠣᠰ ᠲᠣᠰ ᠬᠡᠷ ᠤᠨ ᠰᠣᠷᠪᠣᠯᠵᠢᠯᠠᠭ᠎ᠠ᠂ ᠭᠡᠷ ᠤᠨ ᠰᠣᠷᠳᠠᠯ᠂ ᠭᠡᠷ ᠤᠨ ᠰᠣᠷᠭᠠᠯ ᠤᠨ ᠥᠯᠢᠬᠡᠷ ᠢᠶᠠᠨ ᠣᠯᠠᠨ ᠳᠤ ᠶᠠᠷᠢᠵᠣ ᠥᠭᠬᠦᠭᠰᠡᠨ ᠪᠠᠶᠢᠨ᠎ᠠ᠃ ᠪᠠᠭᠰᠢ ᠶᠢᠨ ᠲᠥᠯᠥᠭᠡᠯᠡᠭᠴᠢ ᠠᠴᠠ ︽ᠮᠢᠨᠣ ᠭᠡᠷ ᠤᠨ ᠰᠣᠷᠪᠣᠯᠵᠢᠯᠠᠭ᠎ᠠ︾ ᠪᠠᠷ ᠭᠤᠣᠯ ᠰᠡᠳᠣᠪ ᠪᠣᠯᠭᠠᠵᠣ᠂ ᠨᠡᠶᠢᠳᠡᠯᠢᠭ ᠭᠡᠷᠡᠭ ᠤᠨ ᠵᠢᠱᠢᠶ᠎ᠠ ᠠᠴᠠ ᠰᠣᠷᠣᠭᠴᠢᠳ ᠲᠤ ᠵᠥᠪ ᠲᠠᠯ᠎ᠠ ᠶᠢᠨ ᠨᠥᠯᠥᠬᠡ ᠥᠵᠡᠭᠦᠯᠬᠦ ᠭᠡᠷ ᠤᠨ ᠰᠣᠷᠪᠣᠯᠵᠢᠯᠠᠭ᠎ᠠ ᠶᠢᠨ ᠠᠷᠭ᠎ᠠ ᠪᠣᠳᠣᠯᠭ᠎ᠠ ᠶᠢ ᠳ᠋ᠥᠩᠨᠡᠨ ᠭᠠᠷᠭᠠᠵᠣ᠂ ᠥᠨᠳᠥᠰᠥᠳᠡᠨ ᠨᠦᠭᠦᠳ ᠤᠨ ᠰᠣᠷᠣᠭᠴᠢᠳ ᠢ ᠬᠠᠯᠠᠮᠵᠢᠯᠠᠨ ᠬᠠᠶᠢᠷᠠᠯᠠᠬᠤ ᠠᠵᠢᠯ ᠢ ᠥᠨᠡᠨ ᠰᠡᠳᠬᠢᠯ᠂ ᠥᠨᠡᠨᠴᠢ ᠰᠡᠳᠬᠢᠯ ᠪᠠ ᠭᠥᠯᠢᠴᠡᠩᠬᠦᠢ ᠪᠠᠷ ᠰᠠᠶᠢᠳᠣᠷ ᠥᠷᠨᠢᠬᠦᠯᠥᠭᠰᠡᠨ ᠲᠣᠬᠠᠢ ᠶᠠᠷᠢᠵᠣ᠂ ᠰᠣᠷᠣᠭᠴᠢ ᠶᠢᠨ ᠲᠥᠯᠥᠭᠡᠯᠡᠭᠴᠢ ᠠᠴᠠ ︽ᠮᠢᠨᠣ ᠬᠡᠷ ᠤᠨ ᠰᠣᠷᠳᠠᠯ︾ ᠭᠡᠬᠦ ᠭᠤᠣᠯ ᠰᠡᠳᠣᠪ ᠤᠨ ᠲᠣᠭᠤᠷᠢᠨ ᠳᠤ᠂ ᠥᠪᠡᠷ ᠤᠨ ᠥᠰᠥᠨ ᠪᠣᠶᠢᠵᠢᠭᠰᠠᠨ ᠥᠩᠭᠡᠷᠡᠯᠳᠠ ᠲᠠᠢ ᠪᠠᠨ ᠣᠶᠠᠯᠳᠣᠭᠤᠯᠣᠨ᠂ ᠣᠯᠣᠰ ᠢᠶᠠᠨ ᠬᠠᠶᠢᠷᠠᠯᠠᠵᠣ᠂ ᠥᠢᠯᠡᠰ ᠢᠶᠠᠨ ᠲᠡᠭᠡᠳᠣᠯᠡᠬᠦ᠂ ᠬᠤᠪᠢ ᠨᠡᠮᠡᠷᠢ ᠥᠵᠡᠬᠦᠯᠵᠣ ᠬᠠᠷᠢᠭᠤᠴᠠᠯᠭ᠎ᠠ ᠡᠭᠦᠷᠭᠡᠯᠡᠬᠦ᠂ ᠥᠨᠡᠨᠴᠢ ᠢᠳᠡᠭᠡᠮᠵᠢᠳᠠᠢ ᠨᠥᠭᠦᠷᠰᠡᠭ ᠰᠠᠶᠢᠬᠠᠨ ᠭᠡᠷ ᠤᠨ ᠰᠣᠷᠳᠠᠯ ᠤᠨ ᠥᠰᠥᠨ ᠪᠣᠶᠢᠵᠢᠯᠳᠠ ᠳᠤ ᠥᠵᠡᠭᠦᠯᠬᠦ ᠬᠥᠨ ᠨᠥᠯᠥᠬᠡ ᠶᠢ ᠭᠥᠨ ᠰᠡᠳᠬᠢᠯᠬ᠎ᠠ ᠲᠠᠢ ᠪᠠᠷ ᠶᠠᠷᠢᠵᠣ᠂ ᠬᠡᠷ ᠤᠨ ᠠᠬᠠᠮᠠᠳ ᠤᠨ ᠲᠥᠯᠥᠭᠡᠯᠡᠭᠴᠢ ᠠᠴᠠ ᠬᠡᠣᠭᠡᠳ ᠤᠨ ᠥᠰᠥᠨ ᠪᠣᠶᠢᠵᠢᠯᠳᠠ ᠶᠢᠨ ᠲᠣᠮᠳᠠ ᠣᠯᠣᠰ ᠭᠡᠷ ᠤᠨ ᠬᠠᠶᠢᠷ᠎ᠠ ᠰᠡᠳᠬᠢᠯᠬᠡ ᠶᠢ ᠰᠢᠩᠭᠡᠭᠡᠵᠣ᠂ ᠴᠢᠨᠠᠷ ᠰᠠᠶᠢᠳᠠᠢ ᠬᠠᠨᠢ ᠪᠣᠯᠵᠣ᠂ ᠨᠠᠰᠣᠨ ᠲᠣᠷᠰᠢᠳᠠ ᠰᠣᠷᠣᠯᠴᠠᠬᠤ ᠥᠢᠯᠡᠳᠥᠯᠬᠡᠵᠢᠬᠦᠯᠬᠦ ᠬᠡᠷ ᠤᠨ ᠰᠣᠷᠭᠠᠯ ᠤᠨ ᠥᠯᠢᠭᠡᠷ ᠢ ᠶᠠᠷᠢᠵᠣ ᠣᠯᠠᠨ ᠲᠠᠢ ᠬᠤᠪᠢᠶᠠᠯᠴᠠᠭᠰᠠᠨ ᠪᠠᠶᠢᠨ᠎ᠠ᠃ ᠣᠷᠣᠯᠴᠠᠭᠰᠠᠳ ᠤᠨ ᠥᠵᠡᠯᠳᠠ ᠲᠣᠳᠣᠷᠬᠠᠢ᠂ ᠰᠡᠳᠬᠢᠯᠬᠡ ᠥᠨᠡᠨᠴᠢ᠂ ᠬᠡᠷᠡᠭ ᠤᠨ ᠵᠢᠱᠢᠶ᠎ᠠ ᠭᠥᠮᠥᠰ ᠢ ᠪᠢᠰᠢᠷᠠᠭᠦᠯᠥᠮ᠎ᠡ ᠪᠠᠶᠢᠵᠣ᠂ ᠣᠯᠠᠨ ᠤ ᠠᠩᠬᠠᠷᠣᠯ ᠢ ᠲᠠᠳᠠᠵᠣ᠂ ᠥᠪᠡᠷ ᠤᠨ ᠪᠡᠶ᠎ᠠ ᠪᠠᠨ ᠡᠷᠬᠢᠴᠡᠭᠦᠯᠬᠦ ᠪᠣᠳᠣᠯ ᠲᠥᠷᠥᠭᠳᠡᠯ ᠢ ᠪᠣᠢ ᠪᠣᠯᠭᠠᠵᠠᠢ᠃      ᠠᠬᠤᠢ ᠲᠠᠯᠠᠪᠠᠢ ᠶᠢᠨ ᠥᠵᠡᠭᠴᠢᠳ ᠤᠨ ᠬᠠᠯᠠᠭᠤᠨ ᠠᠯᠠᠭ᠎ᠠ ᠶᠢᠨ ᠲᠠᠰᠢᠯᠳᠠ ᠶᠢᠨ ᠲᠣᠮᠳᠠ᠂ ᠰᠣᠷᠭᠠᠠ ᠭᠥᠮᠥᠵᠢᠯ ᠤᠨ ᠲᠣᠪᠴᠢᠶᠠᠨ ᠤ ᠲᠡᠳ᠋ ᠲᠠᠷᠤᠭ᠎ᠠ ᠠᠴᠠ ᠲᠠᠪᠣᠳᠣᠭᠠᠷ ᠬᠤᠭᠤᠴᠠᠭᠠᠨ ᠤ ︿ᠮᠢᠨᠣ ᠭᠡᠷ ᠤᠨ ᠰᠣᠷᠭᠠᠯ᠂ ᠮᠢᠨᠣ ᠭᠡᠷ ᠤᠨ ᠰᠣᠷᠳᠠᠯ᠂ ᠮᠢᠨᠣ ᠭᠡᠷ ᠤᠨ ᠰᠣᠷᠪᠣᠯᠵᠢᠯᠠᠭ᠎ᠠ﹀︾ ᠬᠡᠬᠦ ᠶᠠᠷᠢᠶᠠᠨ ᠤ ᠣᠷᠣᠯᠳᠣᠭᠠᠨ ᠤ ᠰᠢᠯᠭᠠᠷᠠᠭᠤᠯᠣᠯᠳᠠ ᠶᠢᠨ ᠥᠷ᠎ᠡ ᠳ᠋ᠥᠩ ᠢ ᠨᠡᠶᠢᠳᠡᠯᠡᠵᠣ᠂ ︽ᠴᠢᠩᠱᠠᠨ ᠤ ᠰᠣᠷᠭᠠᠨ ᠬᠥᠮᠥᠵᠢᠯ ᠤᠨ ᠭᠡᠷ ᠤᠨ ᠰᠣᠷᠭᠠᠯ᠂ ᠭᠡᠷ ᠤᠨ ᠰᠣᠷᠳᠠᠯ᠂ ᠭᠡᠷ ᠤᠨ ᠰᠣᠷᠪᠣᠯᠵᠢᠯᠠᠭ᠎ᠠ ᠶᠢᠨ ᠣᠬᠠᠭᠤᠯᠣᠨ ᠲᠠᠶᠢᠯᠪᠣᠷᠢᠯᠠᠬᠤ ᠪᠥᠯᠬᠦᠮ︾ ᠪᠠᠶᠢᠭᠤᠯᠣᠭᠳᠠᠭᠰᠠᠨ ᠵᠢᠴᠢ ᠣᠬᠠᠭᠤᠯᠣᠨ ᠲᠠᠶᠢᠯᠪᠣᠷᠢᠯᠠᠭᠴᠢ ᠶᠢ ᠥᠨᠡᠯᠡᠨ  ᠲᠣᠭᠳᠠᠭᠠᠬᠤ ᠲᠣᠭᠳᠠᠭᠠᠯ ᠢ ᠣᠩᠰᠢᠨ ᠨᠡᠶᠢᠳᠡᠯᠡᠵᠣ᠂ ᠬᠤᠷᠠᠯ  ᠳᠤ ᠣᠷᠣᠯᠴᠠᠭᠰᠠᠨ ᠣᠳᠣᠷᠢᠳᠣᠯᠭ᠎ᠠ ᠠᠴᠠ ᠱᠠᠩᠨᠠᠯ  ᠭᠥᠷᠳᠡᠭᠰᠡᠳ ᠲᠤ ᠱᠠᠩᠨᠠᠯ ᠭᠠᠷᠳᠠᠭᠤᠯᠵᠣ᠂ ︽ᠴᠢᠩᠱᠠᠨ ᠤ ᠰᠣᠷᠭᠠᠨ ᠬᠥᠮᠥᠵᠢᠯ ᠤᠨ ᠭᠡᠷ ᠤᠨ ᠰᠣᠷᠭᠠᠯ᠂ ᠭᠡᠷ ᠤᠨ ᠰᠣᠷᠳᠠᠯ᠂ ᠭᠡᠷ ᠤᠨ ᠰᠣᠷᠪᠣᠯᠵᠢᠯᠠᠭ᠎ᠠ ᠶᠢᠨ ᠣᠬᠠᠭᠤᠯᠣᠨ ᠲᠠᠶᠢᠯᠪᠣᠷᠢᠯᠠᠬᠤ ᠪᠥᠯᠬᠦᠮ︾  ᠤᠨ ᠰᠢᠨ᠎ᠡ ᠪᠠᠨᠷ ᠣᠷᠢᠭᠰᠠᠨ ᠣᠬᠠᠭᠤᠯᠣᠨ ᠲᠠᠶᠢᠯᠪᠣᠷᠢᠯᠠᠭᠴᠢ ᠶᠢᠨ ᠲᠥᠯᠥᠭᠡᠯᠡᠭᠴᠢ ᠳᠤ ᠣᠷᠢᠯᠠᠭ᠎ᠠ ᠶᠢᠨ ᠪᠢᠴᠢᠭ ᠭᠠᠷᠳᠠᠭᠤᠯᠵᠠᠢ᠃      ᠬᠡᠷ ᠤᠨ ᠰᠣᠷᠪᠣᠯᠵᠢᠯᠠᠭ᠎ᠠ ᠪᠣᠯ ᠬᠠᠮᠤᠭ ᠤᠨ ᠬᠥᠨᠵᠡᠭᠡᠢ ᠰᠣᠷᠭᠠᠨ ᠬᠥᠮᠥᠵᠢᠯ᠂ ᠭᠡᠷ ᠤᠨ ᠰᠣᠷᠳᠠᠯ ᠪᠣᠯ ᠬᠠᠮᠤᠭ ᠤᠨ ᠥᠳᠬᠡᠨ ᠰᠢᠮ᠎ᠡ ᠲᠡᠵᠢᠬᠡᠯ᠂ ᠭᠡᠷ ᠤᠨ ᠰᠣᠷᠭᠠᠯ ᠪᠣᠯ ᠬᠠᠮᠤᠭ ᠤᠨ ᠬᠥᠴᠥᠳᠠᠢ ᠣᠯᠠᠮᠵᠢᠯᠠᠯ  ᠪᠣᠯᠬᠤ ᠶᠣᠮ᠃ ᠲᠣᠰ ᠣᠳᠠᠭᠠᠨ ᠤ ᠠᠵᠢᠯᠯᠠᠭ᠎ᠠ ᠪᠠᠷ ᠲᠠᠮᠵᠢᠭᠤᠯᠣᠨ᠂ ᠬᠡᠷ ᠪᠣᠯᠢ ᠰᠣᠷᠭᠠᠭᠤᠯᠢ ᠨᠡᠶᠢᠭᠡᠮ ᠨᠡᠶᠢᠳᠡ ᠶᠢᠨ ᠬᠠᠮᠳᠣ ᠪᠠᠷ ᠬᠥᠮᠥᠵᠢᠬᠦᠯᠬᠦ ᠰᠠᠭᠤᠷᠢ ᠶᠢ ᠣᠯᠠᠮ ᠨᠢᠬᠡ ᠠᠯᠬᠤᠮ ᠪᠠᠬᠢᠵᠢᠭᠦᠯᠵᠣ᠂ ᠭᠡᠷ ᠤᠨ ᠰᠣᠷᠳᠠᠯ ᠢ ᠡᠭᠦᠳᠬᠦ᠂ ᠭᠡᠷ ᠤᠨ ᠰᠣᠷᠭᠠᠯ ᠢ ᠴᠢᠬᠤᠯᠴᠢᠯᠠᠬᠤ᠂ ᠭᠡᠷ ᠤᠨ ᠰᠣᠷᠪᠣᠯᠵᠢᠯᠠᠭ᠎ᠠ ᠶᠢᠨ ᠲᠣᠮᠳᠠᠳᠣ ᠶᠢᠨ ᠰᠢᠯᠢᠳᠡᠭ ᠰᠣᠶᠣᠯ ᠢ ᠥᠵᠡᠯ ᠰᠠᠨᠠᠭ᠎ᠠ ᠶᠠᠰᠣ ᠮᠣᠷᠠᠯ ᠤᠨ ᠪᠠᠶᠢᠭᠤᠯᠣᠯᠳᠠ ᠳᠤ ᠠᠭᠤᠰᠬᠠᠵᠣ᠂ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠤ ᠣᠬᠠᠮᠰᠠᠷ ᠢ ᠪᠠᠳᠣᠳᠬᠠᠬᠤ ᠪᠠ ︽ᠪᠣᠭᠤᠳᠣ ᠪᠠᠨ ᠬᠠᠶᠢᠷᠠᠯᠠᠵᠣ᠂ ᠬᠤᠪᠢ ᠨᠡᠮᠡᠷᠢ ᠥᠵᠡᠭᠦᠯᠬᠦ︾ ᠭᠤᠣᠯ ᠰᠡᠳᠣᠪᠳᠣ ᠬᠥᠮᠥᠵᠢᠯ ᠥᠢᠯᠡᠳᠥᠯᠭᠡ ᠶᠢᠨ ᠠᠵᠢᠯᠯᠠᠭ᠎ᠠ ᠶᠢ ᠭᠥᠵᠨᠵᠡᠭᠡᠶᠢᠷᠡᠭᠦᠯᠥᠨ᠂ ᠰᠣᠷᠭᠠᠭᠤᠯᠢ ᠨᠢᠬᠡᠪᠣᠷᠢ᠂ ᠭᠡᠷ ᠪᠥᠯᠢ ᠨᠢᠬᠡᠪᠣᠷᠢ ᠶᠢ ᠪᠠᠭᠰᠢ ᠶᠢᠨ ᠰᠠᠶᠢᠨ ᠰᠣᠷᠳᠠᠯ᠂ ᠰᠣᠷᠣᠯᠴᠠᠬᠤ ᠰᠠᠶᠢᠨ ᠰᠣᠷᠳᠠᠯ᠂ ᠰᠠᠶᠢᠨ ᠭᠡᠷ ᠤᠨ ᠰᠣᠷᠭᠠᠯ ᠲᠠᠢ ᠬᠡᠷ ᠪᠥᠯᠢ ᠰᠣᠷᠭᠠᠭᠤᠯᠢ ᠨᠡᠶᠢᠭᠡᠮ ᠨᠡᠶᠢᠳᠡ ᠬᠠᠮᠵᠢᠯᠴᠡᠨ ᠭᠥᠮᠥᠨ ᠢ ᠭᠥᠮᠥᠵᠢᠭᠦᠯᠬᠦ ᠠᠵᠢᠯ ᠤᠨ ᠲᠣᠮᠳᠠ ᠨᠡᠶᠢᠭᠡᠮ ᠵᠢᠷᠣᠮ ᠤᠨ ᠭᠤᠣᠯᠯᠠᠭᠴᠢ ᠥᠷᠳᠡᠭ ᠤᠨ ᠥᠵᠡᠯᠳᠡ ᠶᠢ ᠣᠬᠠᠮᠰᠠᠷ ᠠᠴᠠ ᠪᠠᠨ ᠥᠢᠯᠡᠳᠥᠯᠬᠡᠵᠢᠬᠦᠯᠵᠣ᠂ ︽ᠴᠢᠩᠱᠠᠨ  ᠳᠤ ᠰᠢᠯᠢᠳᠡᠭ ᠰᠣᠷᠣᠯᠴᠠᠬᠤ︾ ᠰᠣᠷᠭᠠᠨ ᠬᠥᠮᠥᠵᠢᠯ ᠤᠨ ᠲᠥᠷᠥᠯ ᠲᠡᠮᠳᠡᠭ ᠢ ᠭᠡᠷᠡᠯᠳᠥᠭᠦᠯᠵᠣ᠂ ᠬᠠᠷᠢᠭᠤᠴᠠᠯᠭ᠎ᠠ ᠡᠭᠦᠷᠭᠡᠯᠡᠯ ᠢᠶᠠᠷ ᠢᠶᠠᠨ ᠲᠣᠮᠳᠠᠳᠣ ᠣᠯᠣᠰ ᠤᠨ ᠮᠠᠶ᠋ᠢᠭ ᠤᠨ ᠣᠳᠣᠬᠢᠴᠢᠯᠠᠭᠰᠠᠨ ︽ᠴᠢᠩᠱᠠᠨ ᠤ ᠰᠣᠷᠭᠠᠨ ᠬᠥᠮᠥᠵᠢᠯ ᠤᠨ ᠬᠠᠭᠤᠳᠠᠰᠣ︾ ᠶᠢ ᠪᠢᠴᠢᠭᠯᠡᠬᠦ  ᠳᠤ ᠭᠥᠴᠥ ᠨᠡᠮᠡᠷᠢ ᠥᠵᠡᠭᠦᠯᠵᠣ᠂ ᠪᠣᠳᠠᠳᠠᠢ ᠶᠢ ᠡᠷᠬᠢᠮᠯᠡᠭᠰᠡᠨ ᠠᠷᠭ᠎ᠠ ᠬᠡᠮᠵᠢᠶ᠎ᠠ ᠪᠠᠷ ᠪᠣᠭᠤᠳᠣ ᠶᠢᠨ ᠠᠵᠣ ᠠᠬᠤᠢ ᠶᠢᠨ ᠴᠢᠨᠠᠷ ᠰᠠᠶᠢᠳᠠᠢ ᠬᠥᠭᠵᠢᠯᠳᠡ ᠳᠤ ᠰᠣᠷᠭᠠᠨ ᠬᠥᠮᠥᠵᠢᠯ ᠤᠨ ᠣᠶᠣᠨ ᠣᠬᠠᠭᠠᠨ ᠪᠠ ᠭᠥᠴᠥᠨ ᠴᠢᠳᠠᠯ ᠢᠶᠠᠨ ᠡᠷᠭᠦᠨ᠎ᠡ᠃
1.jpg
2.jpg
3.png
 
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号