ᠴᠢᠩᠱᠠᠨ ᠲᠤᠭᠤᠷᠢᠭ ᠤᠨ ᠬᠢᠨ ᠬᠤᠳᠠ ᠶᠢᠨ ᠲᠤᠭᠤᠷᠢᠭ ᠤᠨ ᠲᠤᠳᠤᠷᠠᠬᠢ ᠤᠶᠤᠨᠴᠢ ᠬᠤᠭᠤᠯᠠᠢ ᠶᠢᠨ ᠲᠤᠤᠷ ᠢ ᠬᠠᠶᠢᠨ ᠬᠡᠮᠵᠢᠬᠦ ᠪᠠ ᠵᠠᠰᠠᠨ ᠰᠡᠷᠭᠦᠭᠡᠬᠦ ᠠᠵᠢᠯ ᠢ ᠦᠷᠭᠦᠯᠵᠢᠯᠡᠨ ᠦᠷᠨᠢᠭᠦᠯᠪᠡ
ᠨᠡᠶᠢᠲᠡᠯᠡᠭᠰᠡᠨ ᠴᠠᠭ᠄
2023/2/14
      ᠴᠢᠩᠱᠠᠨ ᠲᠤᠭᠤᠷᠢᠭ ᠤᠨ ᠬᠢᠨ ᠬᠤᠳᠠ ᠶᠢᠨ ᠲᠤᠭᠤᠷᠢᠭ ᠤᠨ ᠲᠤᠳᠤᠷᠠᠬᠢ ᠤᠶᠤᠨᠴᠢ ᠬᠤᠭᠤᠯᠠᠢ ᠶᠢᠨ ᠲᠤᠤᠷ ᠢ ᠬᠠᠶᠢᠨ ᠬᠡᠮᠵᠢᠬᠦ ᠪᠠ ᠵᠠᠰᠠᠨ ᠰᠡᠷᠭᠦᠭᠡᠬᠦ ᠠᠵᠢᠯ ᠢ ᠦᠷᠭᠦᠯᠵᠢᠯᠡᠨ ᠦᠷᠨᠢᠭᠦᠯᠪᠡ᠃ ᠴᠢᠩᠱᠠᠨ ᠲᠤᠭᠤᠷᠢᠭ ᠬᠤᠳᠠ ᠶᠢᠨ ᠲᠤᠭᠤᠷᠢᠭ ᠤᠨ ᠲᠤᠳᠤᠷᠠᠬᠢ 45 ᠵᠠᠮ ᠭᠤᠳᠤᠮᠵᠢ᠂ 336 ᠰᠠᠭᠤᠭᠠᠯᠢ ᠲᠤᠭᠤᠷᠢᠭ ᠲᠤ ᠪᠠᠶᠢᠴᠠᠭᠠᠯᠳᠠ ᠬᠢᠵᠤ᠂ 91 ᠬᠤᠯᠢᠯᠳᠤᠨ ᠵᠠᠯᠭᠠᠯᠳᠤᠭᠰᠠᠨ ᠤᠶᠤᠨᠴᠢ ᠬᠤᠭᠤᠯᠠᠢ ᠶᠢᠨ ᠲᠤᠤᠷ ᠤᠨ ᠴᠡᠭ ᠲᠤ ᠴᠡᠭᠴᠡᠯᠡᠨ ᠦᠭᠡᠷᠡᠴᠢᠯᠡᠯᠳᠡ ᠬᠢᠵᠤ᠂ ᠬᠤᠳᠠ ᠶᠢᠨ ᠵᠠᠰᠠᠭ ᠤᠨ ᠶᠠᠪᠤᠳᠠᠯ ᠤᠨ ᠬᠠᠮᠢᠶᠠᠷᠤᠯᠳᠠ ᠶᠢᠨ ᠭᠠᠵᠠᠷ ᠠᠴᠠ ᠲᠠᠭᠠᠭᠠᠯᠭᠠᠭᠰᠠᠨ ᠰᠢᠨᠵᠢᠯᠡᠭᠡ ᠮᠡᠷᠭᠡᠵᠢᠯ ᠵᠠᠮ ᠤᠨ ᠲᠡᠭᠡᠳᠦ ᠤᠷᠤᠰᠬᠠᠯ ᠤᠨ ᠪᠦᠷᠭᠦᠭᠡᠰᠦ ᠬᠠᠪᠳᠠᠰᠤ ᠵᠢᠴᠢ ᠡᠮᠦᠨ᠎ᠡ ᠲᠡᠭᠦᠷᠭᠡ ᠶᠢᠨ ᠪᠤᠬᠢᠷ ᠤᠰᠤ ᠰᠢᠢᠳᠪᠦᠷᠢᠯᠡᠬᠦ ᠦᠢᠯᠡᠳᠪᠦᠷᠢ ᠶᠢᠨ 57 ᠬᠤᠯᠢᠯᠳᠤᠭᠤᠯᠤᠨ ᠭᠠᠳᠠᠭᠰᠢᠯᠠᠭᠤᠯᠬᠤ ᠴᠡᠭ ᠢ ᠵᠠᠰᠠᠨ ᠴᠡᠭᠴᠡᠯᠡᠵᠦ᠂ ᠬᠤᠳᠠ ᠶᠢᠨ ᠱᠠᠳᠤᠨ ᠤ ᠰᠢᠯᠵᠢᠭᠦᠯᠦᠨ ᠲᠤᠰᠢᠶᠠᠭᠰᠠᠨ ᠬᠤᠯᠢᠮᠠᠭ ᠤᠷᠤᠰᠬᠠᠯ ᠤᠨ ᠴᠡᠭ ᠤᠨ 23 ᠭᠠᠵᠠᠷ ᠢ ᠴᠡᠭᠴᠡᠯᠡᠨ ᠦᠭᠡᠷᠡᠴᠢᠯᠡᠪᠡ᠃ ᠤᠳᠤᠬᠠᠨ ᠳᠤ᠂ ᠰᠢᠨᠵᠢᠯᠡᠭᠡ ᠮᠡᠷᠭᠡᠵᠢᠯ ᠵᠠᠮ ᠤᠨ ᠲᠡᠭᠡᠳᠦ ᠤᠷᠤᠰᠬᠠᠯ ᠤᠨ ᠪᠤᠷᠤᠭᠠᠨ ᠤ ᠤᠰᠤ᠂ ᠴᠢᠩᠱᠠᠨ ᠲᠤᠭᠤᠷᠢᠭ ᠤᠨ ᠲᠤᠳᠤᠷᠠᠬᠢ ᠪᠤᠷᠤᠭᠠᠨ ᠤ ᠤᠰᠤ ᠵᠢᠴᠢ ᠪᠤᠬᠢᠷᠳᠤᠯ ᠢ ᠬᠤᠯᠢᠯᠳᠤᠨ ᠭᠠᠳᠠᠭᠰᠢᠯᠠᠭᠤᠯᠬᠤ ᠤᠶᠤᠨᠴᠢ ᠬᠤᠭᠤᠯᠠᠢ ᠶᠢᠨ ᠲᠤᠤᠷ ᠤᠨ ᠤᠷᠤᠰᠬᠠᠯ ᠤᠨ ᠴᠡᠭ ᠢ ᠴᠡᠭᠴᠡᠯᠡᠨ ᠦᠭᠡᠷᠡᠴᠢᠯᠡᠬᠦ ᠠᠵᠢᠯ ᠢ ᠨᠢᠭᠡᠨᠳᠡ ᠪᠦᠬᠦᠨ ᠢ ᠲᠠᠭᠤᠰᠬᠠᠪᠠ᠂ ᠡᠨᠡ ᠨᠢ ᠬᠠᠳᠤᠨ ᠭᠤᠤᠯ ᠳᠤ ᠤᠷᠤᠬᠤ ᠢᠨᠵᠧᠨᠧᠷᠢᠩ ᠤᠨ ᠠᠬᠢᠴᠠ ᠶᠢ ᠲᠦᠷᠭᠡᠳᠭᠡᠪᠠ᠃                                                 ᠤᠷᠴᠢᠭᠤᠯᠤᠭᠴᠢ᠄ ᠠᠯᠢᠮ᠎ᠠ                                                 ᠬᠢᠨᠠᠭᠴᠢ᠄ ᠪᠠᠢ ᠢᠦᠢ ᠰᠢᠶᠠ 
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号