ᠦᠨᠳᠦᠰᠦᠲᠡᠨ ᠤ ᠪᠦᠯᠬᠦᠮᠳᠡᠯ ᠢ ︽ᠨᠡᠶᠢᠭᠡᠮ ᠲᠣᠭᠤᠷᠢᠭ ᠲᠤ ᠣᠷᠣᠭᠤᠯᠵᠣ︾ ︽ᠰᠠᠶᠢᠬᠠᠨ ᠭᠡᠷ ᠣᠷᠣᠨ︾ ᠎ ᠳᠤ ᠰᠠᠬᠢᠨ ᠪᠠᠷᠠᠯᠠᠵᠤ ᠬᠠᠷᠢᠯᠴᠡᠨ ᠬᠠᠪᠰᠣᠷᠣᠯᠴᠠᠨ᠎ᠠ
ᠨᠡᠶᠢᠲᠡᠯᠡᠭᠰᠡᠨ ᠴᠠᠭ᠄
2023/12/21
      ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠣᠭᠤᠰᠢᠯᠠᠭᠤᠯᠵᠣ᠂ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠤᠰᠢᠶᠠᠭᠰᠠᠨ ᠲᠠᠪᠤᠨ ᠶᠡᠭᠡ ᠡᠭᠦᠷᠭᠡ ᠪᠠ ︽ᠵᠢᠱᠢᠶᠡᠴᠢ ᠥᠪᠡᠷᠲᠡᠭᠡᠨ ᠵᠠᠰᠠᠬᠤ ᠣᠷᠣᠨ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ︾ ᠬᠤᠶᠠᠷ ᠶᠡᠭᠡ ᠶᠠᠪᠤᠳᠠᠯ ᠢ ᠴᠢᠷᠮᠠᠶᠢᠨ ᠪᠡᠶᠡᠯᠡᠭᠦᠯᠬᠦ ᠶᠢᠨ ᠲᠥᠯᠥᠭᠡ᠂ ᠴᠢᠩᠱᠠᠨ ᠲᠣᠭᠤᠷᠢᠭ ᠤᠨ ᠡᠯ᠎ᠡ ᠨᠡᠶᠢᠭᠡᠮ ᠲᠣᠭᠤᠷᠢᠭ ᠤᠨ ᠬᠢᠨ ᠶᠡᠷᠦᠩᠬᠡᠢ ᠱᠦᠵᠢ ᠰᠢ ᠶᠢᠨ ᠫᠢᠩ ᠤᠨ ᠦᠨᠳᠦᠰᠦᠲᠡᠨ ᠤ ᠠᠵᠢᠯ ᠢ ᠴᠢᠩᠭᠠᠳᠬᠠᠨ ᠰᠠᠶᠢᠵᠢᠷᠠᠭᠤᠯᠬᠤ ᠲᠤᠬᠠᠢ ᠴᠢᠬᠤᠯᠠ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ ᠲᠣᠭᠤᠰᠢᠯᠠᠭᠤᠯᠵᠣ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠬᠤ ᠪᠠᠷ ᠭᠤᠣᠯ ᠰᠢᠵᠢᠮ ᠪᠣᠯᠭᠠᠵᠤ᠂ ᠨᠡᠶᠢᠭᠡᠮ ᠲᠣᠭᠤᠷᠢᠭ ᠤᠨ ᠳᠣᠲᠣᠷᠠᠬᠢ ᠦᠨᠳᠦᠰᠦᠲᠡᠨ ᠨᠦᠭᠦᠳ ᠤᠨ ᠰᠠᠭᠤᠭᠠᠯᠢ ᠠᠷᠠᠳ ᠤᠨ ᠥᠷᠭᠡᠨ ᠳᠡᠯᠭᠡᠷ ᠶᠠᠪᠤᠯᠴᠠᠭ᠎ᠠ᠂ ᠪᠦᠬᠦ ᠲᠠᠯ᠎ᠠ ᠪᠠᠷ ᠰᠣᠯᠢᠯᠴᠠᠬᠤ᠂ ᠭᠦᠨᠵᠡᠭᠡᠢ ᠠᠭᠤᠰᠤᠯᠴᠠᠬᠤ ᠶᠢ ᠲᠠᠰᠤᠷᠠᠯᠲᠠ ᠦᠭᠡᠢ ᠠᠬᠢᠭᠤᠯᠵᠤ᠂ ᠬᠤᠳᠠ ᠨᠡᠶᠢᠭᠡᠮ ᠲᠣᠭᠤᠷᠢᠭ ᠢ ᠰᠠᠬᠢᠨ ᠪᠠᠷᠠᠯᠠᠵᠤ ᠬᠠᠷᠢᠯᠴᠠᠨ ᠬᠠᠪᠰᠣᠷᠣᠯᠴᠠᠬᠤ᠂ ᠭᠥᠨ ᠰᠡᠳᠭᠢᠯᠭᠡ ᠬᠠᠶᠢᠷ᠎ᠡ ᠬᠠᠯᠠᠮᠵᠢ ᠲᠠᠢ ᠬᠠᠮᠲᠤᠪᠠᠷ ᠰᠤᠷᠤᠯᠴᠠᠵᠤ ᠬᠠᠮᠲᠤᠪᠠᠷ ᠠᠵᠢᠯᠯᠠᠵᠤ ᠬᠠᠮᠲᠤᠪᠠᠷ ᠡᠳ᠋ᠯᠡᠵᠦ ᠬᠠᠮᠲᠤᠪᠠᠷ ᠵᠢᠷᠭᠠᠬᠤ ︽ᠬᠠᠷᠢᠯᠴᠠᠨ ᠰᠢᠭᠢᠳᠭᠡᠭᠰᠡᠨ ᠮᠠᠶ᠋ᠢᠭ︾᠎ ᠤᠨ ᠡᠶ᠎ᠡ ᠵᠣᠬᠢᠴᠠᠩᠭᠤᠢ ᠭᠡᠷ ᠣᠷᠣᠨ ᠪᠣᠯᠭᠠᠵᠤ᠂ ᠬᠤᠳᠠ ᠶᠢᠨ ᠦᠨᠳᠦᠰᠦᠲᠡᠨ ᠤ ᠠᠵᠢᠯ ᠤᠨ ᠰᠢᠨ᠎ᠡ ᠪᠠᠶᠢᠳᠠᠯ ᠢ ᠡᠭᠦᠳᠴᠡᠢ᠃      ᠨᠢᠭᠡ ᠳᠤ ᠨᠡᠶᠢᠭᠡᠮ ᠲᠣᠭᠤᠷᠢᠭ ᠤᠨ ᠠᠵᠢᠯᠲᠠᠨ ᠤ ᠦᠨᠳᠦᠰᠦᠲᠡᠨ ᠤ ᠠᠵᠢᠯ ᠤᠨ ᠴᠢᠳᠠᠪᠤᠷᠢ ᠶᠢ ᠪᠥᠬᠦ ᠲᠠᠯ᠎ᠠ ᠪᠠᠷ ᠳᠡᠭᠡᠭᠰᠢᠯᠡᠭᠦᠯᠪᠡ᠃ ᠴᠢᠩᠱᠠᠨ ᠲᠣᠭᠤᠷᠢᠭ ᠤᠨ ᠨᠡᠶᠢᠭᠡᠮ ᠲᠣᠭᠤᠷᠢᠭ ᠤᠨ ᠵᠠᠰᠠᠯᠲᠠ ᠶᠢᠨ ᠳᠡᠭᠡᠳᠦ ᠰᠤᠷᠭᠠᠭᠤᠯᠢ ᠶᠢᠨ ᠨᠡᠶᠢᠭᠡᠮ ᠲᠣᠭᠤᠷᠢᠭ ᠤᠨ ᠠᠵᠢᠯᠲᠠᠨ ᠤ ᠲᠤᠬᠠᠶᠢᠯᠠᠭᠰᠠᠨ ᠠᠵᠢᠯ ᠤᠨ ᠪᠣᠯᠪᠠᠰᠤᠷᠠᠯ ᠤᠨ ᠠᠩᠭᠢ ︵ᠬᠤᠶᠠᠳᠤᠭᠠᠷ ᠬᠤᠭᠤᠴᠠᠭ᠎ᠠ︶᠎ ᠶᠢᠨ ᠬᠢᠴᠢᠶᠡᠯ ᠳᠤ᠂ ᠲᠤᠭᠤᠷᠢᠭ ᠤᠨ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠳᠠᠷᠤᠭ᠎ᠠ᠂ ᠳᠡᠳ᠋ ᠫᠷᠤᠹᠧᠰᠰᠤᠷ ᠢ ᠣᠷᠢᠵᠣ ︽ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠣᠳᠬᠠᠵᠣ - ᠵᠢᠱᠢᠶᠡᠴᠢ ᠥᠪᠡᠷᠲᠡᠭᠡᠨ ᠵᠠᠰᠠᠬᠤ ᠣᠷᠣᠨ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠤᠶ᠎ᠠ︾ ᠭᠡᠬᠦ ᠰᠡᠳᠦᠪ ᠢᠶᠠᠷ ᠲᠤᠰᠬᠠᠶ ᠰᠡᠳᠦᠪᠲᠦ ᠬᠠᠪᠰᠤᠷᠤᠨ ᠵᠢᠯᠣᠭᠤᠳᠣᠯᠭ᠎ᠠ ᠬᠢᠵᠦ᠂ ᠨᠡᠶᠢᠭᠡᠮ ᠲᠣᠭᠤᠷᠢᠭ ᠤᠨ ᠠᠵᠢᠯᠲᠠᠨ ᠤ ᠬᠠᠮᠲᠤ ᠶᠢᠨ ᠲᠠᠨᠢᠯᠲᠠ ᠶᠢ ᠭᠥᠢᠴᠡᠳ ᠨᠢᠭᠲᠠᠷᠠᠭᠤᠯᠤᠨ᠂ ᠨᠡᠶᠢᠭᠡᠮ ᠲᠣᠭᠤᠷᠢᠭ ᠤᠨ ᠠᠵᠢᠯᠲᠠᠨ ᠤ ᠦᠨᠳᠦᠰᠦᠲᠡᠨ ᠤ ᠠᠵᠢᠯ ᠤᠨ ᠴᠢᠳᠠᠪᠤᠷᠢ ᠶᠢ ᠪᠥᠬᠦ ᠲᠠᠯ᠎ᠠ ᠪᠠᠷ ᠳᠡᠭᠡᠭᠰᠢᠯᠡᠭᠦᠯᠪᠡ᠃      ᠬᠤᠶᠠᠷ ᠲᠤ ︽ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠣᠳᠬᠠᠬᠤ︾᠎ ᠶᠢ ᠰᠠᠭᠤᠭᠠᠯᠢ ᠠᠷᠠᠳ ᠤᠨ ᠨᠡᠶᠢᠲᠡ ᠶᠢᠨ ᠭᠡᠷ᠎ᠡ ᠳᠤ ᠠᠭᠤᠰᠬᠠᠨ  ᠣᠷᠣᠭᠤᠯᠪᠠ᠃ ᠴᠢᠩᠱᠠᠨ ᠲᠣᠭᠤᠷᠢᠭ ᠤᠨ ᠡᠯ᠎ᠡ ᠨᠡᠶᠢᠭᠡᠮ ᠲᠣᠭᠤᠷᠢᠭ ᠨᠢ ᠲᠣᠰᠬᠤᠨ ᠤ ᠲᠣᠭᠲᠠᠭᠠᠯ ᠠᠷᠠᠳ ᠤᠨ ᠭᠡᠷ᠎ᠡ ︵ᠰᠠᠭᠤᠭᠠᠯᠢ ᠠᠷᠠᠳ ᠤᠨ ᠨᠡᠶᠢᠲᠡ ᠶᠢᠨ ᠭᠡᠷ᠎ᠡ︶᠎ ᠳᠤ ᠵᠠᠰᠠᠪᠤᠷᠢ ᠣᠷᠣᠭᠤᠯᠬᠤ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠬᠦ ᠶᠢᠨ ᠬᠠᠮᠲᠤ ᠰᠠᠭᠤᠭᠠᠯᠢ ᠠᠷᠠᠳ ᠤᠨ ᠨᠡᠶᠢᠲᠡ ᠶᠢᠨ ᠭᠡᠷ᠎ᠡ ᠶᠢ ᠬᠥᠳᠡᠯᠦᠩᠭᠦᠶ ᠪᠠᠷ ᠲᠣᠬᠢᠷᠠᠭᠤᠯᠬᠤ ᠲᠣᠭᠲᠠᠴᠠ ᠶᠢ ᠲᠣᠭᠳᠠᠭᠠᠪᠠ᠃ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠣᠳᠬᠠᠬᠤ᠂ ᠨᠡᠶᠢᠭᠡᠮ ᠵᠢᠷᠤᠮ ᠤᠨ ᠭᠤᠣᠯᠯᠠᠭᠴᠢ ᠥᠷᠲᠡᠭ ᠤᠨ ᠦᠵᠡᠯᠲᠡ ᠶᠢ ᠦᠢᠯᠡᠳᠦᠯᠭᠡᠵᠢᠭᠦᠯᠬᠦ ᠵᠡᠷᠭᠡ ᠠᠭᠤᠯᠭ᠎ᠠ ᠶᠢ ᠭᠤᠤᠯᠳᠠᠭᠤ ᠲᠣᠰᠬᠤᠨ ᠤ ᠳᠦᠷᠢᠮ ᠠᠷᠠᠳ ᠤᠨ ᠭᠡᠷ᠎ᠡ ︵ᠰᠠᠭᠤᠭᠠᠯᠢ ᠠᠷᠠᠳ ᠤᠨ ᠨᠡᠶᠢᠲᠡ ᠶᠢᠨ ᠭᠡᠷ᠎ᠡ︶᠎ ᠳᠤ ᠣᠷᠣᠭᠤᠯᠵᠤ᠂ ᠦᠨᠳᠦᠰᠦᠲᠡᠨ ᠨᠦᠭᠦᠳ ᠤᠨ ᠣᠯᠠᠨ ᠲᠦᠮᠡᠨ ᠢ ᠭᠤᠤᠯᠳᠠᠯᠭ᠎ᠠ ᠲᠠᠢ ᠬᠥᠲᠥᠯᠥᠨ ᠵᠢᠯᠣᠭᠤᠳᠴᠤ ᠪᠠᠶᠢᠭᠠᠳ ᠬᠥᠷᠰᠢ ᠵᠡᠷᠭᠡᠯᠡᠳᠡᠭᠡ ᠶᠢᠨ ᠪᠦᠯᠬᠦᠮᠳᠡᠯ᠂ ᠬᠠᠷᠢᠯᠴᠠᠨ ᠬᠠᠪᠰᠤᠷᠤᠯᠴᠠᠬᠤ᠂ ᠦᠨᠳᠦᠰᠦᠲᠡᠨ ᠤ ᠪᠦᠯᠬᠦᠮᠳᠡᠯ ᠢ ᠬᠠᠮᠠᠭᠠᠯᠠᠬᠤ ᠰᠠᠶᠢᠨ ᠰᠠᠶᠢᠬᠠᠨ ᠨᠡᠶᠢᠭᠡᠮ ᠤᠨ ᠠᠭᠤᠷ ᠠᠮᠢᠰᠬᠤᠯ ᠢ ᠪᠣᠶᠢᠵᠢᠭᠤᠯᠪᠠ᠃ ᠡᠭᠦᠨ ᠳᠤ ᠴᠢᠩᠱᠠᠨ ᠵᠠᠮ ᠤᠨ ᠵᠡᠭᠡᠯᠢ ᠭᠤᠳᠤᠮᠵᠢ ᠶᠢᠨ ᠲᠣᠯᠠᠭᠠᠨ ᠨᠡᠶᠢᠭᠡᠮ ᠲᠣᠭᠤᠷᠢᠭ ᠨᠢ ᠴᠡᠷᠢᠭ ᠤᠨ ᠵᠡᠪᠰᠡᠭ ᠤᠨ ᠥᠢᠯᠡᠳᠪᠣᠷᠢ ᠶᠢᠨ ᠨᠡᠶᠢᠭᠡᠮ ᠲᠣᠭᠤᠷᠢᠭ ᠤᠨ ᠲᠣᠰ ᠪᠡᠶ᠎ᠡ ᠶᠢᠨ ᠣᠨᠴᠠᠯᠢᠭ ᠲᠠᠢ ᠤᠶᠠᠯᠳᠤᠭᠤᠯᠤᠨ᠂ ᠬᠠᠭᠠᠰ ᠵᠢᠯ ᠪᠦᠷᠢ ᠭᠤᠷᠪᠠᠨ ᠶᠡᠭᠡ ᠠᠵᠢᠯᠯᠠᠭ᠎ᠠ ᠶᠢ ᠥᠷᠨᠢᠭᠦᠯᠵᠦ ᠰᠠᠭᠤᠭᠠᠯᠢ ᠠᠷᠠᠳ ᠤᠨ ᠨᠡᠶᠢᠲᠡ ᠶᠢᠨ ᠭᠡᠷ᠎ᠡ ᠳᠤ ᠲᠣᠬᠢᠷᠠᠭᠤᠯᠤᠯᠲᠠ ᠬᠢᠵᠦ᠂ ︽ᠴᠡᠴᠡᠷᠯᠢᠭ ᠤᠨ ᠶᠠᠷᠢᠯᠴᠠᠬᠤ ᠬᠤᠷᠠᠯ︾᠂ ︽ᠴᠠᠶᠢᠯᠠᠯᠭ᠎ᠠ ᠶᠢᠨ ᠬᠤᠷᠠᠯ︾ ᠵᠡᠷᠭᠡ ᠰᠠᠭᠤᠭᠠᠯᠢ ᠠᠷᠠᠳ ᠤᠨ ᠲᠥᠯᠥᠭᠡᠯᠡᠭᠴᠢᠳ ᠤᠨ ᠬᠤᠷᠠᠯ ᠢ ᠠᠰᠢᠭᠯᠠᠨ᠂ ᠰᠠᠭᠤᠭᠠᠯᠢ ᠠᠷᠠᠳ ᠤᠨ ᠰᠠᠨᠠᠯ ᠢ ᠬᠤᠷᠢᠶᠠᠵᠣ ᠠᠩᠬ᠎ᠠ ᠠᠯᠬᠤᠮ ᠤᠨ ᠨᠡᠶᠢᠲᠡ ᠶᠢᠨ ᠭᠡᠷ᠎ᠡ ᠶᠢᠨ ᠵᠦᠢᠯ ᠵᠤᠷᠪᠤᠰ ᠢ ᠡᠮᠬᠢᠳᠭᠡᠵᠣ︔ ᠳᠠᠬᠢᠨ ᠰᠦᠯᠵᠢᠶᠡᠨ ᠳᠡᠭᠡᠷᠡᠬᠢ ᠰᠦᠯᠵᠢᠶᠡᠨ ᠤ ᠲᠣᠣᠷᠵᠢᠯᠳᠡ ᠶᠢᠨ ᠦᠢᠯᠡᠴᠢᠯᠡᠭᠡ ᠪᠠᠷ ᠳᠠᠮᠵᠢᠭᠤᠯᠤᠨ ᠰᠠᠭᠤᠭᠠᠯᠢ ᠠᠷᠠᠳ ᠤᠨ ᠪᠥᠯᠥᠭ᠂ ᠰᠦᠯᠵᠢᠶᠡᠨ ᠭᠠᠳᠠᠨᠠᠬᠢ ᠲᠣᠣᠷᠵᠢᠯᠳᠡ ᠶᠢᠨ ᠡᠷᠦᠬᠡ ᠳᠤ ᠣᠷᠣᠬᠤ ᠪᠠ ᠰᠠᠭᠤᠭᠠᠯᠢ ᠠᠷᠠᠳ ᠤᠨ ᠬᠠᠷᠢᠯᠴᠠᠨ ᠬᠥᠳᠡᠯᠦᠯᠴᠡᠵᠦ ᠰᠠᠨᠠᠯ ᠬᠤᠷᠢᠶᠠᠵᠣ︔ ᠰᠦᠯᠵᠢᠶᠡᠨ ᠤ ᠳᠠᠷᠤᠭ᠎ᠠ᠂ ᠠᠰᠠᠷ ᠤᠨ ᠲᠠᠰᠤᠭ ᠤᠨ ᠳᠠᠷᠤᠭ᠎ᠠ ᠶᠢᠨ ᠬᠤᠷᠠᠯ ᠬᠤᠷᠠᠯᠳᠤᠭᠤᠯᠵᠤ᠂ ᠬᠤᠷᠠᠯ ᠳᠡᠭᠡᠷ᠎ᠡ ᠨᠡᠶᠢᠲᠡ ᠶᠢᠨ ᠭᠡᠷ᠎ᠡ ᠶᠢᠨ ᠠᠭᠤᠯᠭ᠎ᠠ ᠶᠢ ᠬᠢᠨᠠᠨ ᠲᠣᠭᠲᠠᠭᠠᠵᠤ᠂ ᠠᠰᠠᠷ ᠤᠨ ᠭᠤᠳᠣᠮᠵᠢ ᠳᠤ ᠰᠠᠭᠤᠭᠠᠯᠢ ᠠᠷᠠᠳ ᠤᠨ ᠨᠡᠶᠢᠲᠡ ᠶᠢᠨ ᠭᠡᠷ᠎ᠡ ᠶᠢ ᠵᠠᠷᠯᠠᠨ ᠨᠡᠶᠢᠲᠡᠯᠡᠬᠦ ᠪᠤᠯᠤᠩ ᠭᠠᠷᠭᠠᠵᠤ᠂ ᠵᠠᠷᠯᠠᠨ ᠨᠡᠶᠢᠲᠡᠯᠡᠬᠦ ᠶᠢᠨ ᠬᠠᠮᠲᠤ ᠬᠠᠷᠢᠯᠴᠠᠨ ᠬᠢᠨᠠᠯᠲᠠ ᠲᠡᠯᠪᠢᠬᠤ ᠶᠢ ᠰᠠᠨᠠᠭᠤᠯᠪᠠ᠃      ᠭᠤᠷᠪᠠ ᠳᠤ᠂ ︽ᠳ᠋ᠣᠣ ᠵᠥᠩ ᠬᠤᠸᠠ ︵道中华︶︾ ᠪᠤᠯᠤᠩ ᠤᠨ ᠤᠬᠠᠭᠤᠯᠭ᠎ᠠ ᠲᠠᠨᠢᠯᠴᠠᠭᠤᠯᠭ᠎ᠠ ᠶᠢ ᠴᠢᠩᠭᠠᠳᠬᠠᠪᠠ᠃ ᠶᠡᠷᠦᠩᠬᠡᠶ ᠱᠦᠵᠢ ᠰᠢ ᠶᠢᠨ ᠫᠢᠩ ᠤᠨ ᠦᠨᠳᠦᠰᠦᠲᠡᠨ ᠤ ᠠᠵᠢᠯ ᠢ ᠴᠢᠩᠭᠠᠳᠬᠠᠨ ᠰᠠᠶᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠬᠤ ᠶᠢᠨ ᠲᠥᠯᠥᠭᠡ᠂ ᠴᠢᠩᠱᠠᠨ ᠲᠣᠭᠤᠷᠢᠭ ᠤᠨ ᠡᠯ᠎ᠡ ᠨᠡᠶᠢᠭᠡᠮ ᠲᠣᠭᠤᠷᠢᠭ ︽ᠳ᠋ᠣᠣ ᠵᠥᠩ ᠬᠤᠸᠠ ︵道中华︶︾ ᠪᠤᠯᠤᠩ ᠢ ᠤᠬᠠᠭᠤᠯᠤᠨ ᠲᠠᠨᠢᠯᠴᠠᠭᠤᠯᠬᠤ ᠶᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠤᠨ ᠬᠥᠮᠦᠵᠢᠯ ᠢ ᠪᠠᠳᠣᠳᠬᠠᠬᠤ ᠴᠢᠬᠤᠯᠠ ᠭᠠᠷᠳᠠᠴᠠ ᠪᠠ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠡᠭᠦᠳᠦᠨ ᠪᠠᠶᠢᠭᠤᠯᠬᠤ ᠠᠵᠢᠯ ᠤᠨ ᠭᠤᠤᠯᠳᠠᠯᠭ᠎ᠠ ᠲᠠᠢ ᠠᠭᠤᠯᠭ᠎ᠠ ᠪᠣᠯᠭᠠᠵᠤ᠂ ︽ᠳ᠋ᠣᠣ ᠵᠥᠩ ᠬᠤᠸᠠ ︵道中华︶︾᠎ ᠢ ᠰᠤᠷᠤᠯᠴᠠᠨ ᠤᠬᠠᠭᠤᠯᠵᠤ᠂ ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠢ ᠠᠬᠢᠭᠤᠯᠬᠤ ᠭᠦᠨ ᠵᠤᠵᠠᠭᠠᠨ ᠠᠭᠤᠷ ᠠᠮᠢᠰᠬᠤᠯ ᠢ ᠪᠥᠬᠦ ᠬᠦᠴᠦᠨ ᠢᠶᠠᠷ ᠢᠶᠠᠨ ᠪᠣᠶ ᠪᠣᠯᠭᠠᠪᠠ᠃ ᠰᠢᠨᠵᠢᠯᠡᠬᠦ ᠤᠬᠠᠭᠠᠨᠴᠢ ᠵᠠᠮ ᠵᠡᠭᠡᠯᠢ ᠭᠤᠳᠤᠮᠵᠢ ᠶᠢᠨ ᠬᠢᠨ ᠰᠠᠭᠤᠭᠠᠯᠢ ᠠᠷᠠᠳ ᠤᠨ ᠸᠢᠴᠠᠲ ᠤᠨ ᠪᠦᠯᠦᠭ᠂ ︽ᠠᠨᠠᠷ ᠤᠨ ᠦᠷ᠎ᠡ︾᠎ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠰᠠᠯᠪᠤᠷᠢ ᠪᠠᠭ᠎ᠠ ᠠᠩᠬᠢ ᠵᠡᠷᠭᠡ ᠶᠢ ᠥᠢᠯᠡᠳᠣᠯ ᠢ ᠭᠦᠢᠴᠡᠳ ᠪᠠᠳᠠᠷᠠᠭᠤᠯᠵᠤ᠂ ᠤᠬᠠᠭᠤᠯᠭ᠎ᠠ ᠶᠢᠨ ᠲᠠᠪᠴᠠᠩ ᠤᠨ ᠳᠠᠪᠠᠭᠤᠯᠢᠭ ᠢ ᠲᠠᠨᠢᠯᠴᠠᠭᠤᠯᠬᠤ᠂ ᠵᠣᠬᠢᠶᠠᠯ ᠰᠢᠯᠵᠢᠭᠦᠯᠦᠨ ᠨᠡᠶᠢᠲᠡᠯᠡᠬᠦ᠂ ᠴᠡᠴᠡᠷᠯᠢᠭ ᠤᠨ ᠠᠭᠤᠳᠠᠮ ᠲᠠᠯᠠᠪᠠᠢ ᠰᠠᠭᠤᠭᠠᠯᠢ ᠠᠷᠠᠳ ᠤᠨ ᠲᠣᠭᠤᠷᠢᠭ ᠲᠤ ᠤᠬᠠᠭᠤᠯᠬᠤ ᠵᠡᠷᠭᠡ ᠤᠯᠠᠨ ᠵᠦᠢᠯ ᠤᠨ ᠠᠷᠭ᠎ᠠ ᠬᠡᠯᠪᠡᠷᠢ ᠪᠠᠷ ᠥᠷᠭᠡᠨ ᠤᠯᠠᠨ ᠰᠠᠭᠤᠭᠠᠯᠢ ᠠᠷᠠᠳ ᠢ ᠬᠦᠳᠦᠯᠦᠨ ᠵᠢᠯᠣᠭᠤᠳᠴᠤ ᠪᠠᠶᠢᠭᠠᠳ ︽ᠳ᠋ᠣᠣ ᠵᠥᠩ ᠬᠤᠸᠠ ︵道中华︶︾᠎ ᠢ ᠢᠳᠡᠪᠬᠢᠲᠡᠢ ᠠᠩᠬᠠᠷᠴᠤ᠂ ︽ᠳ᠋ᠣᠣ ᠵᠥᠩ ᠬᠤᠸᠠ ︵道中华︶︾᠎ ᠢ ᠰᠠᠨᠠᠭᠠᠴᠢᠯᠠᠭ᠎ᠠ ᠠᠴᠠ ᠪᠠᠨ ᠰᠤᠷᠤᠯᠴᠠᠭᠤᠯᠪᠠ᠃ ᠡᠭᠦᠨ ᠤ ᠬᠠᠮᠲᠤ᠂ ︽ᠳ᠋ᠣᠣ ᠵᠥᠩ ᠬᠤᠸᠠ ︵道中华︶︾᠎ ᠶᠢᠨ ᠪᠤᠯᠤᠩ ᠢ ᠨᠡᠶᠢᠭᠡᠮ ᠲᠣᠭᠤᠷᠢᠭ ᠤᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠤᠨ ᠬᠥᠮᠦᠵᠢᠯ᠂ ︽ᠠᠨᠠᠷ ᠤᠨ ᠦᠷ᠎ᠡ︾ ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠪᠠ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢ ᠡᠭᠦᠳᠦᠨ ᠪᠠᠶᠢᠭᠤᠯᠬᠤ ᠠᠵᠢᠯᠯᠠᠭ᠎ᠠ ᠳᠤ ᠣᠷᠭᠠᠨᠢᠭ ᠢᠶᠠᠷ ᠠᠭᠤᠰᠤᠯᠴᠠᠭᠤᠯᠵᠤ᠂ ᠣᠯᠠᠨ ᠲᠦᠮᠡᠨ ᠤ ᠦᠵᠡᠵᠦ ᠰᠣᠨᠣᠰᠬᠤ ᠳᠤᠷᠠᠲᠠᠶ ᠠᠷᠭ᠎ᠠ ᠮᠠᠶ᠋ᠢᠭ ᠢᠶᠠᠷ ᠰᠤᠷᠤᠯᠴᠠᠯᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ ︽ᠳ᠋ᠣᠣ ᠵᠥᠩ ᠬᠤᠸᠠ ︵道中华︶︾᠎ ᠤᠨ ᠪᠤᠯᠤᠩ ᠤᠨ ᠪᠦᠷᠬᠦᠴᠡ ᠶᠢᠨ ᠨᠣᠷᠮ᠎ᠠ᠂ ᠣᠶᠢᠯᠠᠭᠠᠬᠤ ᠨᠣᠷᠮ᠎ᠠ ᠪᠠ ᠨᠥᠯᠥᠭᠡᠯᠡᠬᠦ ᠬᠦᠴᠦᠨ ᠢ ᠲᠠᠰᠤᠷᠠᠯᠲᠠ ᠥᠬᠡᠶ ᠲᠡᠭᠡᠭᠰᠢᠯᠡᠬᠦᠯᠪᠡ᠃
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号