︽ᠠᠨᠠᠷ ᠤᠨ ᠴᠡᠴᠡᠭ ᠲᠡᠯᠭᠡᠷᠡᠵᠣ ᠥᠷ᠎ᠡ ᠨᠢ ᠰᠡᠳᠬᠢᠯ ᠨᠢᠬᠡᠳᠣᠨ᠂ ᠥᠨᠳᠥᠰᠥᠳᠡᠨ ᠤ ᠪᠥᠯᠬᠦᠮᠳᠡᠯ ᠨᠢᠬᠡ ᠭᠡᠷ ᠪᠥᠯᠢ ᠶᠢᠨ ᠬᠥᠮᠥᠰ ᠰᠢᠭ ᠲᠣᠳᠣᠨᠣᠰᠤᠭ︾ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠢ ᠪᠠᠳᠣᠳᠬᠠᠬᠤ ᠲᠣᠰᠬᠠᠢ ᠰᠠᠳᠣᠪᠳᠣ ᠬᠠᠷᠢᠯᠴᠡᠨ ᠬᠥᠳᠡᠯᠦᠯᠴᠡᠬᠦ ᠬᠢᠴᠢᠶᠡᠯ ᠢ ᠨᠡᠭᠡᠬᠡᠪᠡ
ᠨᠡᠶᠢᠲᠡᠯᠡᠭᠰᠡᠨ ᠴᠠᠭ᠄
2023/10/9
      ᠰᠣᠷᠣᠭᠴᠢᠳ ᠲᠤ ᠶᠡᠷᠥᠩᠭᠡᠢ ᠱᠥᠵᠢ ᠰᠢ ᠶᠢᠨ ᠫᠢᠩ ᠤᠨ ᠥᠨᠳᠥᠰᠥᠳᠡᠨ ᠤ ᠠᠵᠢᠯ ᠢ ᠴᠢᠩᠭᠠᠳᠬᠠᠨ ᠰᠠᠶᠢᠵᠢᠷᠠᠭᠤᠯᠬᠤ ᠲᠣᠬᠠᠢ ᠥᠵᠡᠯ ᠰᠠᠨᠠᠭ᠎ᠠ ᠶᠢ ᠪᠥᠬᠦ ᠲᠠᠯ᠎ᠠ ᠪᠠᠷ ᠡᠵᠡᠮᠰᠢᠭᠦᠯᠬᠦ ᠶᠢᠨ ᠲᠥᠯᠥᠭᠡ᠂ ᠲᠣᠭᠤᠷᠢᠭ ᠤᠨ ᠬᠤᠷᠢᠶᠠᠨ ᠤ ᠨᠠᠮ ᠤᠨ ᠰᠣᠷᠭᠠᠭᠤᠯᠢ ᠶᠢᠨ ᠬᠢᠨ 3 ᠰᠠᠷ᠎ᠠ ᠭᠠᠷᠣᠢ ᠶᠢᠨ ᠴᠠᠭ ᠢ ᠵᠠᠷᠣᠴᠠᠭᠤᠯᠵᠣ᠂ ᠪᠥᠬᠦ ᠪᠠᠭᠰᠢ ᠶᠢᠨ ᠬᠥᠴᠥᠨ ᠢᠶᠠᠨ ᠲᠥᠪᠯᠡᠷᠡᠬᠦᠯᠵᠣ᠂ ︽ᠠᠨᠠᠷ ᠤᠨ ᠴᠡᠴᠡᠭ ᠲᠡᠯᠭᠡᠷᠡᠵᠣ ᠥᠷ᠎ᠡ ᠨᠢ ᠰᠡᠳᠬᠢᠯ ᠨᠢᠬᠡᠳᠣᠨ᠂ ᠥᠨᠳᠥᠰᠥᠳᠡᠨ ᠤ ᠪᠥᠯᠬᠦᠮᠳᠡᠯ ᠨᠢᠬᠡ ᠭᠡᠷ ᠪᠥᠯᠢ ᠶᠢᠨ ᠬᠥᠮᠥᠰ ᠰᠢᠭ ᠲᠣᠳᠣᠨᠣᠰᠤᠭ︾ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠢ ᠪᠠᠳᠣᠳᠬᠠᠬᠤ ᠲᠣᠰᠬᠠᠢ ᠰᠠᠳᠣᠪᠳᠣ ᠬᠠᠷᠢᠯᠴᠡᠨ ᠬᠥᠳᠡᠯᠦᠯᠴᠡᠬᠦ ᠬᠢᠴᠢᠶᠡᠯ ᠢ ᠨᠡᠭᠡᠭᠡᠨ᠂ ᠣᠨᠣᠯ ᠢ ᠣᠬᠠᠭᠤᠯᠣᠨ ᠲᠠᠶᠢᠯᠪᠣᠷᠢᠯᠠᠬᠤ᠂ ᠸᠢᠳᠢᠣ᠋ ᠪᠠᠷ ᠬᠠᠷᠢᠯᠴᠡᠨ ᠭᠥᠳᠡᠯᠥᠯᠴᠡᠬᠦ᠂ ᠣᠨᠣᠯ ᠤᠨ ᠮᠡᠳᠡᠯᠭᠡ ᠶᠢ ᠵᠠᠪᠳᠣᠨ ᠬᠠᠷᠢᠭᠤᠯᠬᠤ᠂ ᠠᠬᠤᠢ ᠦᠵᠡᠭᠳᠡᠯᠲᠦ ᠵᠦᠴᠦᠭᠡ᠂ ᠲᠤᠬᠠᠢ ᠶᠢᠨ ᠭᠠᠵᠠᠷ ᠲᠠᠬᠢ ᠬᠢᠴᠢᠶᠡᠯ ᠬᠥᠮᠥᠵᠢᠯ ᠵᠡᠷᠭᠡ ᠣᠯᠡᠨ ᠡᠰᠢᠳᠣ ᠬᠢᠴᠢᠶᠡᠯᠡᠯᠭᠡ ᠶᠢᠨ ᠭᠡᠯᠪᠡᠷᠢ ᠪᠠᠷ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠢ ᠪᠠᠳᠣᠳᠬᠠᠬᠤ ᠣᠶᠢᠯᠠᠭᠠᠭᠳᠠᠬᠤᠨ ᠪᠠ ᠱᠠᠭᠠᠷᠳᠠᠯᠭ᠎ᠠ ᠶᠢ ᠨᠢᠬᠡ ᠬᠢᠴᠢᠶᠡᠯ ᠎ ᠳᠤ ᠠᠭᠤᠰᠣᠯᠴᠠᠭᠤᠯᠵᠣ᠂ ᠲᠠᠶᠢᠰᠡᠨ ᠲᠡᠭᠡᠷ᠎ᠡ ᠪᠠ ᠲᠠᠶᠢᠰᠠᠨ ᠲᠣᠣᠷ᠎ᠠ ᠬᠠᠷᠢᠯᠴᠡᠨ ᠭᠥᠳᠡᠯᠥᠯᠴᠡᠬᠦ ᠶᠢ ᠠᠬᠢᠭᠤᠯᠪᠠ᠃       ᠬᠢᠴᠢᠶᠡᠯ ᠨᠢ ︽ᠥᠨᠳᠥᠰᠥᠳᠡᠨ ᠤ ᠭᠠᠷᠣᠯ ᠢ ᠪᠢ ᠲᠠᠨᠢᠨ᠎ᠠ︾ ︽ᠥᠨᠳᠥᠰᠥᠳᠡᠨ ᠤ ᠮᠡᠳᠡᠯᠭᠡ ᠳᠤ ᠪᠢ ᠬᠠᠮᠤᠭ ᠎ ᠠᠴᠠ ᠰᠠᠶᠢᠨ︾ ︽ᠥᠨᠳᠥᠰᠥᠳᠡᠨ ᠤ ᠴᠡᠴᠡᠭᠯᠡᠨ ᠭᠥᠭᠵᠢᠬᠦ ᠳᠤ ᠪᠢ ᠣᠷᠣᠯᠴᠡᠨ᠎ᠠ︾ ︽ᠥᠨᠳᠥᠰᠥᠳᠡᠨ ᠤ ᠮᠠᠭᠳᠠᠭᠠᠯ ᠲᠠᠭᠤᠣ ᠶᠢ ᠪᠢ ᠲᠠᠭᠤᠯᠠᠨ᠎ᠠ︾ ︽ᠥᠨᠳᠥᠰᠥᠳᠡᠨ ᠤ ᠥᠯᠢᠭᠡᠷ ᠢ ᠪᠢ ᠲᠣᠭᠯᠠᠨ᠎ᠠ︾ ︽ᠠᠨᠠᠷ ᠤᠨ ᠴᠡᠴᠡᠭ ᠲᠡᠯᠭᠡᠷᠡᠵᠣ ᠥᠷ᠎ᠡ ᠨᠢ ᠰᠡᠳᠬᠢᠯ ᠨᠢᠬᠡᠳᠡᠢ︾ ︽ᠲᠣᠮᠳᠠᠳᠣ ᠣᠯᠣᠰ ᠤᠨ ᠭᠠᠵᠠᠷ ᠤᠨ ᠵᠢᠷᠤᠭ ᠢ ᠪᠢ ᠣᠭᠰᠠᠷᠠᠨ᠎ᠠ︾ ᠵᠡᠷᠭᠡ 7 ᠭᠤᠭᠴᠠᠭ᠎ᠠ ᠪᠠᠷ ᠲᠠᠮᠵᠢᠭᠤᠯᠣᠨ᠂ ︽ᠴᠢᠬᠢ︾ ︽ᠨᠢᠳᠣ︾ ︽ᠰᠡᠳᠬᠢᠯ︾᠎ ᠢ ᠴᠢᠬᠤᠯᠴᠢᠯᠠᠵᠣ᠂ ᠬᠥᠮᠥᠵᠢᠯ ᠢ ᠪᠠᠶᠠᠷ ᠴᠡᠩᠭᠡᠯ ᠎ ᠳᠤ ᠠᠬᠤᠭᠤᠯᠵᠣ᠂ ᠠᠮᠢᠳᠣ ᠴᠣᠪᠣᠭᠤᠯᠢᠭ ᠭᠡᠯᠪᠡᠷᠢ ᠪᠠᠷ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠢ ᠪᠠᠳᠣᠳᠬᠠᠬᠤ ᠣᠶᠢᠯᠠᠭᠠᠭᠳᠠᠬᠤᠨ ᠪᠠ ᠱᠠᠭᠠᠷᠳᠠᠯᠭ᠎ᠠ ᠶᠢ ᠨᠠᠮ ᠤᠨ ᠥᠨᠳᠥᠰᠥᠳᠡᠨ ᠤ ᠣᠨᠣᠯ ᠲᠥᠷᠣ ᠶᠢᠨ ᠪᠣᠳᠣᠯᠭ᠎ᠠ ᠶᠢᠨ ᠰᠣᠷᠣᠯᠴᠠᠯᠭ᠎ᠠ ᠳᠤ ᠠᠭᠤᠰᠬᠠᠵᠣ᠂ ᠰᠣᠷᠣᠭᠴᠢᠳ ᠤᠨ ᠬᠠᠷᠢᠯᠴᠡᠨ ᠭᠥᠳᠡᠯᠥᠯᠴᠡᠭᠦ ᠲᠣᠮᠳᠠ ᠪᠥᠯᠬᠦᠮ ᠨᠡᠶᠢᠳᠡ ᠶᠢᠨ ᠨᠢᠭᠳᠠᠷᠠᠯ ᠤᠨ ᠭᠥᠴᠥᠨ ᠪᠠ ᠲᠥᠪᠯᠡᠩᠬᠦᠢ ᠭᠥᠴᠥᠨ ᠢ ᠴᠢᠩᠭᠠᠳᠬᠠᠨ᠂ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠢ ᠪᠠᠳᠣᠳᠬᠠᠬᠤ ᠲᠣᠬᠠᠢ ᠣᠶᠢᠯᠠᠭᠠᠯᠳᠠ ᠶᠢ ᠣᠯᠡᠮ ᠭᠥᠨᠵᠡᠭᠡᠶᠢᠷᠡᠭᠦᠯᠪᠠ᠃      ᠲᠠᠷᠠᠭᠠᠴᠢ ᠪᠠᠷ᠂ ᠲᠣᠭᠤᠷᠢᠭ ᠤᠨ ᠬᠤᠷᠢᠶᠠᠨ ᠤ ᠨᠠᠮ ᠤᠨ ᠰᠣᠷᠭᠠᠭᠤᠯᠢ ᠶᠢᠨ ᠬᠢᠨ ᠭᠢᠴᠢᠶᠡᠯᠯᠡᠬᠦ ᠭᠤᠣᠯ ᠰᠡᠳᠣᠪ ᠢᠶᠠᠨ ᠣᠨᠢᠨ ᠲᠡᠭᠡᠷ᠎ᠡ ᠨᠢ ᠲᠣᠭᠳᠠᠭᠠᠵᠣ᠂ ᠭᠢᠴᠢᠶᠡᠯᠯᠡᠬᠦ ᠲᠥᠰᠥᠯ ᠢᠶᠠᠨ ᠰᠢᠨᠵᠢᠯᠡᠬᠦ ᠣᠬᠠᠭᠠᠨᠴᠢ ᠪᠠᠷ ᠲᠣᠬᠢᠷᠠᠭᠤᠯᠵᠣ᠂ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠢ ᠪᠠᠳᠣᠳᠬᠠᠬᠤ᠂ ᠨᠠᠮ ᠤᠨ ᠬᠤᠷᠢᠳᠣᠭᠠᠷ ᠬᠤᠷᠠᠯ ᠤᠨ ᠵᠣᠷᠢᠭ ᠰᠠᠨᠠᠭᠠᠨ ᠤ ᠣᠬᠠᠭᠤᠯᠭ᠎ᠠ ᠬᠥᠮᠥᠵᠢᠯ ᠢ ᠰᠢᠨ᠎ᠡ ᠶᠢ ᠡᠭᠦᠳᠥᠨ ᠥᠷᠨᠢᠬᠦᠯᠵᠣ᠂ ᠲᠣᠮᠳᠠᠳᠣ ᠶᠢᠨ ᠥᠨᠳᠥᠰᠥᠳᠡᠨ ᠤ ᠬᠠᠮᠳᠣ ᠶᠢᠨ ᠴᠣᠭᠴᠨ ᠶᠢᠨ ᠣᠬᠠᠮᠰᠠᠷ ᠢ ᠪᠠᠳᠣᠳᠬᠠᠬᠤ ᠲᠠᠯ᠎ᠠ ᠪᠠᠷ ᠡᠮᠥᠨ᠎ᠡ ᠡᠩᠨᠡᠭᠡᠨ ᠳᠤ ᠬᠤᠰᠢᠭᠤᠷᠠᠵᠣ᠂ ︽ᠬᠤᠶᠠᠷ ᠶᠡᠭᠡ ᠶᠠᠪᠣᠳᠠᠯ︾᠎ ᠳᠤ ᠠᠩᠬᠠᠷᠣᠯ ᠢᠶᠠᠨ ᠲᠥᠪᠯᠡᠷᠡᠬᠦᠯᠥᠨ ᠨᠠᠮ ᠤᠨ ᠰᠣᠷᠭᠠᠭᠤᠯᠢ ᠶᠢᠨ ᠬᠥᠴᠥᠨ ᠴᠢᠳᠠᠯ ᠢᠶᠠᠨ ᠡᠷᠭᠦᠨ᠎ᠡ᠃
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号