ᠪᠠᠶᠠᠷ ᠤᠨ ᠴᠢᠮᠡᠭᠡ︕ ᠴᠢᠩᠱᠠᠨ ᠲᠤᠭᠤᠷᠢᠭ ᠤᠨ《ᠴᠡᠷᠢᠭ ᠤᠨ ᠠᠵᠤ ᠦᠢᠯᠡᠳᠪᠦᠷᠢ ᠎ ᠶᠢᠨ ᠬᠦᠰᠡᠯ ᠵᠡᠭᠦᠳᠦ ᠪᠠᠨ ᠲᠡᠷᠭᠡᠯᠰᠢᠬᠦᠯᠦᠶ᠎ᠡ》ᠷᠠᠳᠢᠣ᠋ ᠵᠦᠴᠦᠭᠡ ᠦᠪᠦᠷ ᠮᠤᠩᠭᠤᠯ ᠤᠨ ᠠᠷᠪᠠᠨ ᠲᠠᠪᠤᠳᠤᠭᠠᠷ ᠬᠤᠭᠤᠴᠠᠭᠠᠨ ᠤ ᠤᠶᠤᠨ ᠤ ᠪᠤᠯᠪᠠᠰᠤᠨ ᠤ ᠪᠠᠶᠢᠭᠤᠯᠤᠯᠳᠠ ᠶᠢᠨ《 ᠲᠠᠪᠦ‍ ᠨᠢᠭᠡ ᠢᠨᠵᠧᠨᠧᠷᠢᠩ》᠎ ᠤᠨ ᠱᠠᠩᠨᠠᠯ ᠬᠦᠷᠳᠡᠪᠡ
ᠨᠡᠶᠢᠲᠡᠯᠡᠭᠰᠡᠨ ᠴᠠᠭ᠄
2022/9/13
     《ᠴᠡᠷᠢᠭ ᠤᠨ ᠠᠵᠤ ᠦᠢᠯᠡᠳᠪᠦᠷᠢ ᠶᠢᠨ ᠬᠦᠰᠡᠯ ᠵᠡᠭᠦᠳᠦ ᠪᠠᠨ ᠲᠡᠷᠭᠡᠯᠰᠢᠬᠦᠯᠦᠶ᠎ᠡ》ᠷᠠᠳᠢᠣ᠋ ᠵᠦᠴᠦᠭᠡ ᠳᠤ ᠪᠡᠭᠡᠵᠢᠩ ᠤᠨ ᠠᠵᠤ ᠦᠢᠯᠡᠳᠪᠦᠷᠢ ᠶᠢᠨ ᠲᠡᠭᠡᠳᠦ ᠰᠤᠷᠭᠠᠭᠤᠯᠢ ᠠᠴᠠ ᠲᠡᠭᠦᠰᠦᠭᠰᠡᠨ ᠳ᠋ᠦ᠋ ᠸᠧᠢ ᠺᠠᠩ ᠲᠤᠮᠳᠠᠳᠤ ᠤᠯᠤᠰ ᠤᠨ ᠬᠦᠴᠦᠷᠭᠡᠭ ᠶᠡᠭᠡ ᠴᠡᠷᠢᠭ ᠤᠨ ᠠᠵᠤ ᠦᠢᠯᠡᠳᠪᠦᠷᠢ ᠶᠢ ᠪᠦᠳᠦᠭᠡᠨ ᠪᠠᠶᠢᠭᠤᠯᠬᠤ ᠤᠭ ᠰᠠᠨᠠᠭ᠎ᠠ ᠶᠢ ᠡᠪᠦᠷᠯᠡᠨ ᠪᠤᠭᠤᠳᠤ ᠳᠤ ᠢᠷᠡᠵᠦ᠂ ᠤᠷᠢᠳ ᠬᠤᠵᠢᠳ ᠨᠢᠭᠡᠳᠦᠭᠡᠷ ᠮᠧᠬᠠᠨᠢᠭ ᠤᠨ ᠠᠵᠤ ᠦᠢᠯᠳᠪᠦᠷᠢ ᠶᠢᠨ ᠠᠩᠬ᠎ᠠ ᠪᠠᠶᠢᠭᠤᠯᠤᠭᠳᠠᠬᠤ ᠦᠶ᠎ᠡ ᠶᠢᠨ ᠲᠡᠰᠪᠦᠷᠢ ᠬᠠᠳᠠᠭᠤᠵᠢᠯᠳᠠᠢ ᠪᠠᠷ ᠠᠳᠠᠯ ᠦᠢᠯᠡᠰ  ᠴᠤᠭᠴᠠᠯᠠᠭᠰᠠᠨ ᠴᠠᠭ ᠠᠴᠠ ᠪᠦᠭᠦᠳᠡ ᠨᠠᠶᠢᠷᠠᠮᠳᠠᠬᠤ ᠤᠯᠤᠰ ᠤᠨ ᠠᠩᠬᠠᠳᠠᠭᠴᠢ ᠲᠠᠩᠺ ᠢ ᠠᠮᠵᠢᠯᠳᠠ ᠲᠠᠢ ᠪᠠᠷ  ᠦᠢᠯᠡᠳᠦᠭᠰᠡᠨ ᠪᠡ ᠲᠤᠮᠳᠠᠳᠤ ᠤᠯᠤᠰ ᠤᠨ ᠭᠤᠷᠪᠠᠳᠤᠭᠠᠷ ᠦᠶ᠎ᠡ ᠶᠢᠨ 99 ᠮᠠᠶ᠋ᠢᠭ ᠤᠨ ᠲᠠᠩᠺ ᠶᠢᠨ ᠰᠤᠳᠤᠯᠤᠨ ᠨᠡᠭᠡᠭᠡᠭᠰᠡᠨ ᠦᠩᠭᠡᠷᠡᠯᠳᠡ ᠶᠢ ᠶᠠᠷᠢᠵᠠᠢ᠃ 1999 ᠤᠨ ᠠᠴᠠ 2019 ᠤᠨ ᠤ ᠤᠯᠤᠰ ᠤᠨ ᠪᠠᠶᠠᠷ ᠤᠨ ᠴᠡᠷᠢᠭ ᠤᠨ ᠵᠢᠭᠰᠠᠭᠠᠯ ᠰᠢᠯᠭᠠᠨ ᠦᠵᠡᠬᠦ ᠶᠤᠰᠤᠯᠠᠯ ᠳᠤ᠂ 99  ᠬᠡᠯᠪᠡᠷᠢ ᠵᠢᠴᠢ 99A ᠬᠡᠯᠪᠡᠷᠢ ᠶᠢᠨ ᠲᠠᠩᠺ ᠢ ᠴᠦᠮ ᠠᠩᠬᠠᠨ ᠤ ᠵᠢᠭᠰᠠᠭᠠᠯ ᠳᠠᠭᠠᠨ ᠰᠢᠯᠭᠠᠭᠤᠯᠢ ᠶᠢ ᠲᠤᠭᠤᠯᠤᠭᠰᠠᠨ ᠰᠡᠳᠬᠢᠯ ᠬᠦᠳᠡᠯᠭᠡᠮ᠎ᠡ ᠬᠤᠷᠤᠮᠬᠠᠨ ᠵᠠᠭᠤᠷ᠎ᠠ ᠶᠢᠨ ᠦᠩᠭᠡᠷᠡᠯᠳᠡ ᠨᠢ ᠳ᠋ᠦ᠋ ᠸᠧᠢ ᠺᠠᠩ ᠤᠨ ᠴᠡᠷᠢᠭ ᠤᠨ ᠠᠵᠤ ᠦᠢᠯᠡᠳᠪᠦᠷᠢ ᠶᠢᠨ ᠠᠮᠢᠳᠤᠷᠠᠯ ᠳᠠᠬᠢ ᠡᠭᠦᠷᠢᠳᠡ ᠮᠠᠷᠳᠠᠭᠳᠠᠰᠢ ᠦᠭᠡᠢ ᠭᠡᠷᠡᠯ ᠬᠢᠯᠪᠠᠭ᠎ᠠ ᠪᠤᠯᠤᠭᠰᠠᠨ ᠪᠠᠶᠢᠨ᠎ᠠ᠃ ᠵᠠᠯᠠᠭᠤ ᠨᠠᠰᠤᠨ ᠠᠴᠠ  ᠪᠡᠨ‌ᠦᠳᠡᠯᠦᠭᠡ ᠨᠠᠰᠤ ᠬᠦᠷᠳᠡᠯ᠎ᠡ᠂ ᠳ᠋ᠦ᠋ ᠸᠧᠢ ᠺᠠᠩ ᠲᠦᠭ ᠲᠦᠮᠡᠨ ᠴᠡᠷᠢᠭ ᠤᠨ ᠦᠯᠡᠳᠪᠦᠷᠢᠯᠡᠯ ᠤᠨ ᠠᠵᠢᠯᠳᠠᠳ ᠲᠠᠢ ᠬᠠᠮᠳᠤ ᠮᠠᠨ ᠤ ᠤᠯᠤᠰ ᠤᠨ ᠲᠠᠩᠺ ᠤᠨ ᠦᠢᠯᠡᠰ ᠤᠨ ᠦᠷᠦᠨᠡᠳᠡᠬᠢᠨ ᠤ ᠤᠯᠤᠰ ᠤᠳ ᠤᠨ ᠬᠡᠯᠡᠳᠡᠭ《ᠤᠯᠠᠨ ᠤᠯᠤᠰ ᠤᠨ ᠫᠠᠶᠢᠰᠠ》᠎ ᠠᠴᠠ ᠠᠪᠤᠭᠠᠳ ᠲᠡᠯᠡᠭᠡᠢ ᠶᠢᠨ ᠲᠡᠷᠢᠬᠦᠨ ᠵᠡᠷᠭᠡ ᠶᠢᠨ ᠲᠠᠩᠺ ᠢ ᠵᠤᠬᠢᠶᠠᠨ ᠭᠠᠷᠭᠠᠵᠤ᠂ ᠲᠡᠯᠡᠭᠡᠢ ᠶᠢᠨ ᠠᠷᠪᠡᠨ ᠶᠡᠭᠡ ᠲᠠᠩᠺ ᠤᠨ ᠨᠡᠷᠡᠰ ᠤᠨ ᠵᠢᠭᠰᠠᠭᠠᠯᠳᠠ ᠳᠤ ᠲᠠᠪᠰᠢᠨ ᠤᠷᠤᠭᠰᠠᠨ ᠪᠦᠭᠦ ᠶᠠᠪᠤᠴᠠ ᠶᠢ ᠪᠡᠶ᠎ᠡ ᠪᠠᠷ ᠢᠶᠠᠨ ᠲᠤᠭᠤᠯᠤᠭᠰᠠᠨ ᠶᠤᠮ᠃  ᠲᠡᠳᠠ ᠨᠠᠷ ᠡᠷᠡᠯᠭᠡᠭ ᠪᠠᠭᠠᠳᠤᠷᠯᠢᠭ ᠰᠦᠰᠦ ᠵᠤᠷᠢᠭ ᠪᠠ ᠤᠶᠤᠨ ᠤᠬᠠᠭᠠᠨ ᠢᠶᠠᠷ ᠢᠶᠠᠨ ᠴᠡᠷᠢᠭ ᠤᠨ ᠦᠯᠡᠳᠪᠦᠷᠢᠯᠡᠯ ᠤᠨ ᠠᠵᠢᠯᠳᠠᠳ ᠤᠨ ᠭᠠᠯ ᠵᠠᠯᠠᠭᠤ ᠨᠠᠰᠤ  ᠎ ᠶᠢ ᠤᠶᠠᠩᠭᠠᠯᠠᠨ ᠲᠠᠭᠤᠯᠠᠵᠠᠢ᠃      《ᠴᠡᠷᠢᠭ ᠤᠨ ᠠᠵᠤ ᠦᠢᠯᠡᠳᠪᠦᠷᠢ ᠶᠢᠨ ᠬᠦᠰᠡᠯ ᠵᠡᠭᠦᠳᠦ ᠪᠠᠨ ᠲᠡᠷᠭᠡᠯᠰᠢᠬᠦᠯᠦᠶ᠎ᠡ》ᠷᠠᠳᠢᠣ᠋ ᠵᠦᠴᠦᠭᠡ ᠬᠤᠶᠠᠷ ᠵᠢᠯ ᠤᠨ ᠪᠡᠯᠡᠳᠭᠡᠯ ᠬᠤᠭᠤᠴᠠᠭᠠᠨ ᠳᠠᠭᠠᠨ ᠤᠯᠠᠨ ᠤᠳᠠᠭ᠎ᠠ ᠪᠠᠷ ᠨᠢᠭᠡᠳᠦᠭᠡᠷ ᠹᠷᠤᠨᠲ ᠲᠤ ᠬᠦᠨᠵᠡᠭᠡᠶᠢᠷᠡᠨ ᠰᠤᠷᠪᠤᠯᠵᠢᠯᠠᠭ᠎ᠠ ᠬᠢᠵᠡᠢ᠂ ᠡᠨᠡ ᠪᠤᠯ ᠨᠢᠭᠡᠨ ᠭᠤᠤᠯ ᠬᠦᠭ ᠠᠶᠠᠰ ᠢ ᠤᠶᠠᠩᠭᠠᠯᠠᠭᠰᠠᠨ᠂ ᠬᠡᠳᠦᠨ ᠦᠶ᠎ᠡ ᠶᠢᠨ ᠠᠵᠤ ᠦᠢᠯᠡᠳᠪᠦᠷᠢᠴᠢᠳ ᠤᠨ ᠤᠭ ᠰᠠᠨᠠᠭ᠎ᠠ ᠪᠠᠨ ᠭᠤᠶᠢᠪᠢᠰᠢ ᠦᠭᠡᠢ ᠪᠠᠷᠢᠮᠳᠠᠯᠠᠭᠰᠠᠨ ᠢ ᠮᠠᠭᠳᠠᠨ ᠲᠠᠭᠤᠯᠤᠭᠰᠠᠨ ᠤᠷᠠᠯᠢᠭ ᠤᠨ ᠪᠦᠳᠦᠭᠡᠯ ᠪᠠᠶᠢᠵᠤ᠂ ᠤᠳᠤᠬᠠᠨ ᠴᠠᠭ ᠲᠤ ᠲᠦᠢᠯ ᠤᠨ ᠬᠦᠨ ᠬᠦᠨᠵᠡᠭᠡᠢ ᠰᠤᠷᠭᠠᠨ ᠬᠦᠮᠦᠵᠢᠭᠦᠯᠬᠦ ᠠᠴᠢ ᠬᠤᠯᠪᠤᠭᠳᠠᠯ ᠲᠠᠢ ᠶᠤᠮ᠃
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号