ᠪᠤᠭᠤᠳᠤ ᠶᠢᠨ ᠦᠢᠯᠡᠳᠭᠡᠯ ᠬᠦᠮᠦᠨ ᠢ ᠲᠤᠩᠰᠤᠯᠭᠠᠮ᠎ᠠ ᠲᠥᠷᠢ ᠲᠥᠷᠬᠦ ᠶᠢ ᠢᠯᠡᠷᠡᠭᠦᠯᠪᠡ
ᠨᠡᠶᠢᠲᠡᠯᠡᠭᠰᠡᠨ ᠴᠠᠭ᠄
2022/11/11
           11 ᠰᠠᠷ᠎ᠠ ᠶᠢᠨ 8 ᠤ ᠡᠳᠦᠷ᠂ ᠠᠷᠪᠠᠨ ᠲᠦᠷᠪᠡᠳᠦᠭᠡᠷ ᠬᠤᠭᠤᠴᠠᠭᠠᠨ ᠤ ᠲᠤᠮᠳᠠᠳᠤ ᠤᠯᠤᠰ ᠤᠨ ᠤᠯᠠᠨ ᠤᠯᠤᠰ ᠤᠨ ᠠᠭᠠᠷ ᠰᠠᠨᠰᠠᠷ ᠤᠨ ᠠᠶᠠᠯᠠᠯ  ᠤᠨ ᠦᠵᠡᠰᠭᠦᠯᠡᠩ᠂ ᠲᠠᠷᠤᠢ ᠪᠢᠳᠡᠨ ᠤ ᠦᠷᠭᠦᠯᠵᠢ ᠬᠡᠯᠡᠳᠡᠭ《ᠵᠦᠬᠠᠢ ᠶᠢᠨ ᠠᠭᠠᠷ ᠰᠠᠨᠰᠠᠷ ᠤᠨ ᠠᠶᠠᠯᠠᠯ ᠤᠨ ᠦᠵᠡᠰᠭᠦᠯᠡᠩ》ᠵᠢᠩᠬᠢᠨᠢ ᠪᠠᠷ ᠡᠬᠢᠯᠡᠪᠡ᠂ ᠲᠤᠰ ᠬᠤᠭᠤᠴᠠᠭᠠᠨ ᠤ ᠠᠭᠠᠷ ᠰᠠᠨᠰᠠᠷ ᠤᠨ ᠠᠶᠠᠯᠠᠯ  ᠤᠨ ᠦᠵᠡᠰᠭᠦᠯᠡᠩ 6 ᠡᠳᠦᠷ ᠤᠨ ᠬᠤᠭᠤᠴᠠᠭ᠎ᠠ ᠲᠠᠢ ᠶᠠᠪᠤᠭᠳᠠᠵᠤ᠂ 43 ᠤᠯᠤᠰ ᠪᠠ ᠭᠠᠵᠠᠷ ᠤᠷᠤᠨ ᠤ 740 ᠭᠠᠷᠤᠢ ᠠᠵᠤ ᠠᠬᠤᠶᠢᠯᠠᠯ ᠤᠨ 110 ᠭᠠᠷᠤᠢ ᠨᠢᠰᠭᠡᠯ ᠦᠵᠡᠭᠦᠯᠦᠯᠭᠡ ᠳᠤ ᠤᠷᠤᠯᠴᠠᠪᠠ᠂ ᠶᠠᠪᠠᠭᠠᠨ ᠫᠤᠤ᠂ ᠬᠦᠨᠳᠦ ᠬᠦᠩᠭᠡᠨ ᠫᠦᠯᠧᠮᠶᠤᠲ᠂ ᠶᠡᠭᠡ ᠠᠮᠠᠳᠤ ᠤᠭᠤᠷ ᠶᠡᠭᠡ ᠫᠤᠤ᠂ ᠲᠠᠶᠢᠷᠤᠯᠳᠤ ᠶᠡᠭᠡ ᠫᠤᠤ᠂ ᠲᠠᠩᠺᠡ᠂ ᠶᠠᠪᠠᠭᠠᠨ ᠴᠡᠷᠢᠭ ᠤᠨ ᠪᠠᠶᠢᠯᠳᠤᠭᠠᠨ ᠤ ᠲᠡᠷᠭᠡ᠂ ᠡᠯ᠎ᠡ ᠲᠦᠷᠦᠯ ᠤᠨ ᠵᠠᠯᠠᠭᠤᠷᠳᠤ ᠰᠤᠮᠤ ᠵᠡᠷᠭᠡ ᠪᠦᠷ ᠪᠤᠢ᠃ ᠲᠤᠰ ᠬᠤᠭᠤᠴᠠᠭᠠᠨ ᠤ ᠵᠦᠬᠠᠢ ᠶᠢᠨ ᠠᠭᠠᠷ ᠰᠠᠨᠰᠠᠷ ᠤᠨ ᠠᠶᠠᠯᠠᠯ ᠤᠨ ᠦᠵᠡᠰᠭᠦᠯᠡᠩ ᠳᠤ ᠮᠠᠰᠢ ᠤᠯᠠᠨ《 ᠪᠤᠭᠤᠳᠤ ᠶᠢᠨ ᠡᠯᠧᠮᠧᠨ᠋ᠲ》ᠪᠦᠯᠦᠭᠯᠡᠨ ᠤᠷᠤᠯᠴᠠᠵᠤ᠂ ᠨᠢᠭᠡᠳᠦᠭᠡᠷ ᠮᠠᠰᠢᠨ ᠮᠧᠬᠠᠨᠢᠭ ᠤᠨ ᠪᠦᠯᠦᠭᠯᠡᠯ 12 ᠬᠠᠲᠠᠭᠤ ᠴᠦᠮ᠎ᠡ ᠶᠢᠨ ᠲᠤᠨᠤᠭᠯᠠᠯ ᠦᠵᠡᠭᠦᠯᠦᠯᠭᠡ ᠳᠤ ᠤᠷᠤᠯᠴᠠᠵᠠᠢ᠂ ᠡᠭᠦᠨ ᠳᠤ ᠰᠢᠨ᠎ᠡ ᠪᠠᠷ ᠰᠣᠳᠤᠯᠤᠭᠰᠠᠨ 4 ᠲᠤᠨᠤᠭᠯᠠᠯ ᠨᠢ ᠲᠤᠭᠳᠠᠩᠭᠤᠢ ᠪᠠᠶᠢᠳᠠᠯ ᠤᠨ ᠦᠵᠡᠭᠦᠯᠦᠯᠭᠡ ᠳᠤ ᠤᠷᠤᠯᠴᠠᠵᠤ᠂ VT4 ᠲᠠᠩᠺᠡ᠂ VT5 ᠬᠦᠩᠭᠡᠨ ᠭᠡᠯᠪᠡᠷᠢ ᠶᠢᠨ ᠲᠠᠩᠺᠡ ᠵᠡᠷᠭᠡ 8 ᠲᠤᠨᠤᠭᠯᠠᠯ ᠬᠦᠳᠡᠯᠦᠩᠭᠦᠢ ᠪᠠᠶᠢᠳᠠᠯ ᠤᠨ ᠦᠵᠡᠭᠦᠯᠦᠯᠭᠡ ᠳᠤ ᠤᠷᠤᠯᠴᠠᠪᠠ᠃ ᠪᠧᠢ ᠪᠧᠨ ᠬᠦᠨᠳᠦ ᠮᠠᠰᠢᠨ ᠲᠡᠷᠭᠡᠨ ᠤ ᠪᠦᠯᠦᠭᠯᠡᠯ ᠤᠨ ᠤᠯᠠᠨ ᠬᠡᠯᠪᠡᠷᠢᠳᠦ ᠲᠤᠨᠤᠭᠯᠠᠯ ᠴᠡᠷᠢᠭ ᠤᠨ ᠵᠡᠪᠰᠡᠭ ᠤᠨ ᠤᠷᠳᠤᠨ ᠤ ᠫᠤᠤᠳᠤ ᠴᠡᠷᠢᠭ ᠤᠨ ᠪᠠᠲᠯᠢᠶᠤᠨ ᠤ ᠦᠵᠡᠭᠦᠯᠦᠯᠭᠡ ᠶᠢᠨ ᠲᠤᠭᠤᠷᠢᠭ᠂ ᠠᠭᠠᠷ ᠤᠨ ᠰᠡᠷᠭᠡᠶᠢᠯᠡᠯᠳᠠ ᠶᠢᠨ ᠪᠠᠲᠯᠢᠶᠤᠨ ᠤ ᠦᠵᠡᠭᠦᠯᠦᠯᠭᠡ ᠶᠢᠨ ᠲᠤᠭᠤᠷᠢᠭ ᠲᠤ ᠲᠡᠯᠭᠡᠭᠳᠡᠵᠦ᠂ ᠭᠠᠵᠠᠷ ᠲᠡᠭᠡᠷᠡᠭᠢ ᠲᠤᠨᠤᠭᠯᠠᠯ ᠤᠨ ᠬᠦᠳᠡᠯᠦᠩᠭᠦᠢ ᠲᠤᠭᠯᠠᠯᠳᠠ ᠨᠢ ᠤᠯᠠᠨ ᠤ ᠪᠠᠭ᠋ᠠᠷᠬᠠᠯ ᠢ  ᠶᠡᠭᠡᠳᠡ ᠲᠠᠳᠠᠵᠠᠢ᠃
微信图片_20221110113719_副本.jpg
微信图片_20221110113928.jpg
                                                 ᠤᠷᠴᠢᠭᠤᠯᠤᠭᠴᠢ᠄ ᠠᠯᠢᠮ᠎ᠠ                                                 ᠬᠢᠨᠠᠭᠴᠢ᠄ ᠪᠠᠢ ᠢᠦᠢ ᠰᠢᠶᠠ
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号