【ᠴᠢᠩᠱᠠᠨ ᠲᠤᠭᠤᠷᠢᠭ ᠤᠨ ᠰᠤᠶᠤᠯ】ᠰᠢᠭᠢᠷ ᠤᠨ ᠱᠤᠭᠤᠮᠠᠯ ᠤᠨ ᠰᠤᠶᠤᠯ
ᠨᠡᠶᠢᠲᠡᠯᠡᠭᠰᠡᠨ ᠴᠠᠭ᠄
2022/10/14
20220507105558610001.png
      ᠰᠢᠬᠢᠷ ᠤᠨ ᠱᠤᠭᠤᠮᠠᠯ ᠢ ᠶᠡᠷᠦᠳᠡ ᠶᠢᠨ ᠬᠡᠯᠡᠯᠭᠡ ᠳᠤ《ᠰᠢᠭᠢᠷ ᠦᠯᠢᠶᠡᠵᠦ ᠬᠡᠦᠭᠡᠯᠳᠡᠢ ᠱᠤᠭᠤᠬᠤ》ᠬᠡᠵᠦ᠂ ᠮᠢᠩ ᠤᠯᠤᠰ ᠤᠨ ᠰᠡᠭᠦᠯᠴᠢ ᠴᠢᠩ ᠤᠯᠤᠰ ᠤᠨ ᠡᠬᠢᠨ ᠤ ᠦᠶ᠎ᠡ ᠡᠭᠦᠳᠦᠭᠰᠡᠨ ᠪᠠᠶᠢᠨ᠎ᠠ᠃ ᠰᠢᠬᠢᠷ ‍ᠤᠨ‌‍ᠱᠤᠭᠤᠮᠠᠯ ᠬᠢᠬᠦ ᠳᠤ ᠴᠠᠭᠠᠨ ᠰᠢᠭᠢᠷ᠂ ᠮᠦᠰᠦᠨ ᠰᠢᠭᠢᠷ᠂ ᠪᠤᠭᠤᠳᠠᠢ ᠶᠢᠨ ᠰᠢᠬᠢᠷ᠂ ᠢᠳᠡᠭᠡᠨ ᠤ ᠲᠤᠰᠤ᠂ ᠭᠤᠯᠢᠷ᠂ ᠢᠳᠡᠰᠢᠨ ᠳᠤ ᠬᠡᠷᠡᠭᠯᠡᠬᠦ ᠪᠠᠶᠢᠭᠠᠯᠢ ᠶᠢᠨ ᠪᠤᠳᠤᠭᠳᠤ ᠡᠳ᠋᠂ ᠤᠰᠤ ᠵᠡᠷᠭᠡ ᠲᠦᠭᠦᠭᠡᠢ ᠮᠠᠲ᠋ᠧᠷᠢᠶᠠᠯ ᠢ ᠵᠤᠬᠢᠬᠤ ᠬᠠᠷᠢᠴᠠᠯ ᠢᠶᠠᠷ ᠬᠤᠯᠢᠯᠳᠠᠭᠤᠯᠤᠨ᠂ ᠲᠤᠭᠤᠭᠠᠨ ᠳᠤ ᠬᠢᠵᠦ ᠰᠢᠭᠢᠷ ᠤᠨ ᠡᠭᠡᠳᠡᠮᠡᠯ ᠪᠤᠯᠳᠠᠯ᠎ᠠ ᠪᠤᠴᠠᠯᠭᠠᠭᠰᠠᠨ ᠤ ᠲᠠᠷᠠᠭ᠎ᠠ ᠬᠡᠷᠡᠭᠰᠡᠬᠦ  ᠪᠤᠳᠤᠭᠳᠤ ᠡᠳ᠋ ᠢᠶᠠᠨ ᠬᠢᠵᠦ ᠤᠷᠤᠭᠤᠯᠤᠨ᠎ᠠ᠃ ᠰᠢᠭᠢᠷ ᠦᠯᠢᠶᠡᠵᠦ ᠬᠡᠦᠭᠡᠯᠳᠡᠢ ᠱᠤᠭᠤᠬᠤ ᠳᠤ ᠰᠢᠬᠢᠷ ᠤᠨ ᠡᠭᠡᠳᠡᠮᠡᠯ ᠎ ᠤᠨ ᠬᠠᠯᠠᠭᠤᠨ ᠢ ᠠᠮᠵᠢᠨ᠂ ᠪᠤᠰᠢᠭᠤ ᠲᠦᠷᠭᠡᠨ ᠠᠵᠢᠯᠯᠠᠵᠤ᠂ ᠬᠤᠶᠠᠷ ᠭᠠᠷ ᠤᠨ ᠬᠤᠳᠬᠤᠬᠤ᠂ ᠴᠢᠩᠭᠠᠭᠠᠬᠤ᠂ ᠨᠤᠬᠤᠬᠤ᠂ ᠲᠠᠷᠤᠬᠤ᠂ ᠲᠠᠳᠠᠬᠤ᠂ ᠡᠮᠬᠦᠬᠦ᠂ ᠦᠯᠢᠶᠡᠬᠦ᠂ ᠴᠢᠮᠬᠢᠬᠦ᠂ ᠲᠠᠬᠢᠨ ᠲᠠᠳᠠᠬᠤ ᠵᠡᠷᠭᠡ ᠬᠦᠳᠡᠯᠦᠯ ᠢᠶᠠᠷ ᠲᠠᠮᠵᠢᠨ ᠲᠦᠷᠢ ᠪᠦᠳᠦᠭᠡᠵᠦ᠂ ᠪᠦᠳᠦᠭᠡᠯ ᠢᠶᠠᠨ ᠨᠢᠭᠡ ᠯᠡ ᠠᠮᠢᠰᠬᠤᠭ᠎ᠠ ᠪᠠᠷ ᠪᠦᠳᠦᠭᠡᠬᠦ ᠪᠤᠶᠤ᠂ ᠡᠰᠡᠭᠦᠯ᠎ᠡ ᠵᠠᠭᠪᠤᠷ ᠲᠤ ᠴᠢᠳᠬᠤᠵᠤ ᠬᠡᠢ ᠦᠯᠢᠶᠡᠵᠦ ᠭᠡᠯᠪᠡᠷᠢ ᠪᠦᠳᠦᠬᠡᠨ ᠠᠮᠢᠳᠤᠯᠢᠭ ᠰᠠᠶᠢᠬᠠᠨ ᠪᠦᠳᠦᠭᠡᠯ ᠢ ᠱᠤᠭᠤᠵᠤ ᠭᠠᠷᠭᠠᠳᠠᠭ᠃ ᠪᠤᠭᠤᠳᠤ ᠤᠷᠤᠨ ᠤ ᠰᠢᠬᠢᠷ ᠤᠨ ᠱᠤᠭᠤᠮᠠᠯ ᠤᠨ ᠤᠷᠠᠯᠢᠭ ᠨᠢ ᠠᠷᠠᠳ ᠤᠨ ᠤᠷᠠᠯᠢᠭᠴᠢᠨ ᠯᠢ ᠪᠦ᠋ ᠯᠠᠢ ᠠᠴᠠ  ᠲᠠᠮᠵᠢᠨ ᠤᠯᠠᠮᠵᠢᠯᠠᠭᠳᠠᠪᠠ᠃ ᠲᠡᠷᠡ 1968 ᠤᠨ ᠳᠤ ᠾᠧᠨᠠᠨ ᠤ ᠱᠧᠨ ᠴᠢᠦ ᠠᠴᠠ ᠡᠬᠡ ᠡᠴᠢᠭᠡ ᠪᠠᠨ ᠲᠠᠭᠠᠵᠤ ᠪᠤᠭᠤᠳᠤ ᠳᠤ ᠢᠷᠡᠵᠦ᠂ 1977 ᠤᠨ ᠤ ᠡᠪᠦᠯ᠂ ᠨᠤᠳᠤᠭ ᠲᠠᠭᠠᠨ ᠪᠤᠴᠠᠵᠤ ᠨᠠᠭᠠᠴᠤ ᠬᠦᠷᠭᠡᠨ ᠠᠪᠤ ᠳᠤ ᠪᠠᠨ ᠱᠠᠪᠢᠯᠠᠵᠤ᠂《ᠰᠢᠬᠢᠷ ᠦᠯᠢᠶᠡᠵᠦ ᠭᠡᠦᠭᠡᠯᠳᠡᠢ ᠱᠤᠭᠤᠬᠤ》ᠭᠠᠷ ᠤᠷᠠᠯᠢᠭ ᠢ ᠰᠤᠷᠴᠠᠢ᠃ ᠪᠤᠭᠤᠳᠤ ᠳᠤ ᠬᠠᠷᠢᠭᠰᠠᠨ  ᠬᠤᠶᠢᠨ᠎ᠠ ᠡᠯ᠎ᠡ ᠲᠦᠷᠦᠯ ᠤᠨ ᠲᠦᠷᠰᠦ ᠪᠦᠳᠦᠭᠡᠬᠦ ᠶᠢ ᠬᠠᠳᠠᠭᠤᠵᠢᠯᠳᠠᠢ ᠪᠤᠯᠪᠠᠰᠤᠷᠠᠵᠤ᠂ ᠤᠯᠠᠮᠵᠢᠯᠠᠯᠳᠤ ᠠᠷᠭ᠎ᠠ ᠪᠠᠷ ᠠᠷᠪᠠᠨ ᠬᠤᠶᠠᠷ ᠵᠢᠯ ᠤᠨ ᠵᠦᠪᠬᠡᠨ 6 ᠲᠦᠷᠦᠯ ᠤᠨ ᠠᠮᠢᠳᠠᠨ ᠢ ᠯᠡ ᠦᠯᠢᠶᠡᠵᠦ ᠱᠤᠭᠤᠬᠤ ᠪᠠᠶᠢᠭᠰᠠᠨ ᠵᠠᠭᠠᠭ ᠱᠤᠭᠤᠮ ᠢ ᠰᠢᠪᠳᠤᠯᠤᠨ᠂ 12 ᠲᠦᠷᠦᠯ ᠤᠨ ᠠᠮᠢᠳᠠᠨ ᠦᠯᠢᠶᠡᠵᠦ ᠱᠤᠭᠤᠬᠤ ᠪᠦᠳᠦᠭᠡᠯ ᠢ ᠲᠡᠭᠦᠯᠳᠡᠷᠵᠢᠭᠦᠯᠵᠡᠢ᠃ ᠡᠨᠡ ᠨᠢ ᠪᠤᠭᠤᠳᠤ ᠶᠢᠨ《ᠰᠢᠬᠢᠷ ᠦᠯᠢᠶᠡᠵᠦ ᠭᠡᠦᠭᠡᠯᠳᠠᠢ ᠱᠤᠭᠤᠬᠤ》ᠤᠷᠠᠯᠢᠭ ᠢ ᠪᠦᠬᠦ ᠤᠯᠤᠰ ᠤᠨ ᠰᠢᠬᠢᠷ ᠤᠷᠠᠯᠢᠭ ᠤᠨ ᠬᠡᠪᠴᠢᠶᠡᠨ ᠳᠤ ᠦᠪᠡᠷ ᠤᠨ ᠰᠢᠰᠲ᠋ᠧᠮ ᠢ ᠪᠦᠷᠢᠯᠳᠦᠭᠦᠯᠵᠦ᠂ ᠦᠪᠡᠷᠮᠢᠴᠡ ᠤᠨᠴᠠᠯᠢᠭᠳᠤ ᠪᠦᠬᠦᠢ ᠭᠠᠷ ᠤᠷᠠᠯᠢᠭ ᠪᠤᠯᠭᠠᠭᠰᠠᠨ ᠪᠠᠶᠢᠨ᠎ᠠ᠃ ᠰᠢᠬᠢᠷ ᠱᠤᠭᠤᠮᠠᠯ ᠤᠨ ᠤᠯᠠᠮᠵᠢᠯᠠᠯᠳᠤ ᠨᠠᠶᠢᠷᠠᠯᠭ᠎ᠠ ᠶᠢᠨ ᠬᠡᠮ ᠰᠤᠭᠠᠭ ᠢ ᠦᠭᠡᠷᠡᠴᠢᠯᠡᠬᠦ ᠶᠢᠨ ᠲᠦᠯᠦᠭᠡ᠂ ᠲᠡᠷᠡ ᠲᠠᠬᠢᠨ ᠲᠠᠪᠳᠠᠨ ᠲᠤᠷᠰᠢᠯᠳᠠ ᠬᠢᠭᠦ ᠪᠠᠷ ᠲᠠᠮᠵᠢᠨ 1997 ᠤᠨ ᠳᠤ ᠰᠢᠨ᠎ᠡ  ᠨᠠᠶᠢᠷᠠᠯᠭ᠎ᠠ ᠶᠢ ᠨᠠᠶᠢᠷᠠᠭᠤᠯᠵᠤ᠂ ᠰᠢᠭᠢᠷ ᠱᠤᠭᠤᠮᠠᠯ ᠤᠨ ᠤᠷᠠᠯᠢᠭ ᠤᠨ ᠪᠦᠳᠦᠭᠡᠯ ᠢ ᠤᠯᠠᠨ ᠶᠠᠩᠵᠤᠵᠢᠬᠤ᠂ ᠪᠤᠳᠤᠯᠢᠶᠠᠨ ᠎ ᠲᠠᠢ ᠪᠤᠯᠭᠠᠬᠤ᠂ ᠪᠡᠶ᠎ᠡ ᠶᠢᠨ ᠬᠡᠯᠪᠡᠷᠢ ᠶᠢ ᠨᠢ ᠭᠠᠯᠪᠢᠷᠵᠢᠭᠤᠯᠪᠠ᠃                                               ᠤᠷᠴᠢᠭᠤᠯᠤᠭᠴᠢ᠄ ᠠᠯᠢᠮ᠎ᠠ                                               ᠬᠢᠨᠠᠭᠴᠢ᠄ ᠪᠠᠢ ᠢᠦᠢ ᠰᠢᠶᠠ
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号