ᠮᠠᠯ ᠰᠢᠨᠡᠯᠡᠬᠦ ᠶᠤᠰᠤᠨ
ᠨᠡᠶᠢᠲᠡᠯᠡᠭᠰᠡᠨ ᠴᠠᠭ᠄
2020/8/13
     ᠲᠠᠪᠤᠨ ᠬᠤᠰᠢᠭᠤ ᠮᠠᠯ ᠰᠦᠷᠦᠭ ᠢᠶᠠᠷ ᠬᠦᠷᠤᠩᠬᠡ ᠪᠠᠨ ᠬᠢᠵᠦ ᠠᠮᠢᠳᠤᠷᠠᠯ ᠢᠶᠠᠨ ᠬᠤᠯᠪᠤᠭᠰᠠᠨ ᠮᠠᠯᠴᠢᠨ ᠬᠦᠮᠦᠨ ᠳᠤ ᠮᠠᠯ ᠢᠶᠠᠨ ᠰᠢᠨᠡᠯᠡᠬᠦᠯᠬᠦ ᠨᠢ ᠴᠢᠬᠤᠯᠠ ᠨᠢᠬᠡᠨ ᠪᠠᠶᠠᠷ ᠲᠤᠷᠠᠰᠬᠠᠯ ᠤᠨ ᠡᠳᠦᠷ ᠪᠤᠯᠤᠨ᠎ᠠ᠃ ᠮᠤᠩᠭᠤᠯᠴᠤᠳ ᠲᠡᠤᠬᠡᠨ ᠠᠴᠠ ᠪᠠᠨ ᠠᠪᠤᠭᠠᠳ ᠴᠠᠭᠠᠨ ᠰᠠᠷ᠎ᠠ ᠶᠢᠨ ᠰᠢᠨᠡᠳ ᠠᠴᠠ ᠡᠬᠢᠯᠡᠨ ᠠᠷᠪᠠᠭᠠᠳ ᠭᠠᠷᠤᠳᠠᠯ᠎ᠠ ᠲᠤᠰ ᠲᠤᠰ ᠎ ᠤᠨ ᠲᠤᠭᠳᠠᠭᠰᠠᠨ ᠡᠳᠤᠷ ᠲᠡᠭᠡᠨ ᠲᠤᠭᠳᠠᠭᠰᠠᠨ ᠭᠠᠵᠠᠷ ᠬᠦᠷᠴᠦ ᠮᠠᠯ ᠰᠢᠨᠡᠯᠡᠬᠦ ᠨᠠᠶᠢᠷ ᠬᠢᠳᠡᠭ ᠪᠠᠶᠢᠵᠠᠢ᠃ ᠮᠠᠯ ᠰᠢᠨᠡᠯᠡᠬᠦ ᠶᠢ ᠡᠬᠢᠨ ᠳᠤ ᠪᠠᠨ ᠬᠤᠳᠳᠤᠭ ᠤᠰᠤᠨ ᠲᠡᠬᠡᠷ᠎ᠡ ᠬᠢᠳᠡᠭ ᠪᠠᠶᠢᠭᠰᠠᠨ ᠠᠴᠠ ᠪᠠᠨ ᠰᠡᠬᠦᠯ ᠳᠤ ᠪᠠᠨ ᠲᠤᠰᠬᠠᠢ ᠭᠠᠵᠠᠷ ᠰᠤᠩᠭᠤᠵᠦ ᠬᠤᠳᠠ ᠤᠰᠤ ᠪᠠᠷ ᠢᠶᠠᠨ ᠴᠤᠭᠯᠠᠷᠠᠨ ᠬᠢᠬᠦ ᠪᠤᠯᠵᠠᠢ᠃ ᠬᠦᠯᠦ ᠬᠦᠬᠡ ᠬᠤᠰᠢᠭᠤᠨ ᠤ ᠨᠠᠷᠠᠲᠦ ᠰᠤᠮᠤᠨ ᠤ ︽ᠰᠢᠨ᠎ᠡ ᠶᠢᠨ ᠲᠠᠯ᠎ᠠ︾᠂ ︽ᠮᠠᠯ ᠰᠢᠨᠡᠯᠡᠬᠦ ᠤᠷᠤᠢ︾᠂ ᠬᠠᠩᠬᠠᠯ ᠤᠪᠤᠭ᠎ᠠ ᠰᠤᠮᠤᠨ ᠤ ᠪᠠᠶᠠᠨᠴᠠᠭᠠᠨ ᠎ ᠤ ︽ᠬᠤᠨᠢᠴᠢ ᠶᠢᠨ ᠲᠠᠯ᠎ᠠ︾ ᠵᠡᠷᠭᠡ ᠪᠤᠯ ᠲᠤᠬᠠᠢ ᠶᠢᠨ ᠦᠶ᠎ᠡ ᠳᠤ ᠮᠠᠯ ᠰᠢᠨᠡᠯᠡᠬᠦᠯᠵᠦ ᠪᠠᠶᠢᠭᠰᠠᠨ ᠭᠠᠵᠠᠷ ᠪᠤᠯᠤᠨ᠎ᠠ᠃ ᠡᠨᠡᠬᠦ ᠲᠡᠤᠬᠡᠳᠦ ᠵᠠᠩ ᠳᠠᠳᠬᠠᠯ ᠨᠢ ᠤᠯᠠᠮᠵᠢᠯᠠᠭᠳᠠᠨ ᠮᠠᠯᠴᠢᠳ ᠬᠤᠪᠢ ᠬᠤᠪᠢ ᠪᠠᠷ ᠢᠶᠠᠨ ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠤ ᠡᠳᠤᠷ ᠮᠠᠯ ᠢᠶᠠᠨ ᠭᠠᠷᠭᠠᠬᠤ ᠦᠶ᠎ᠡ ᠳᠤ ᠫᠤᠤᠵᠢᠩ ᠲᠠᠯᠪᠢᠨ ᠰᠦ ᠴᠠᠭᠠᠨ ᠢᠳᠡᠭᠡ᠂ ᠰᠢᠷ᠎ᠠ ᠲᠤᠰᠦ᠂ ᠦᠷᠦᠮ᠎ᠡ ᠪᠤᠳᠠᠭ᠎ᠠ ᠪᠠᠷ ᠡᠴᠢᠬᠡ ᠮᠠᠯ ︵ᠪᠤᠬ᠎ᠠ᠂ ᠪᠤᠤᠷ᠎ᠠ᠂ ᠠᠵᠢᠷᠭ᠎ᠠ᠂ ᠬᠤᠴᠠ᠂ ᠤᠬᠤᠨ᠎ᠠ︶᠎ ᠪᠠᠨ ᠪᠠᠨ ᠮᠢᠯᠢᠶᠠᠬᠤ ᠠᠴᠠ ᠭᠠᠳᠠᠨ᠎ᠠ ᠪᠠᠰᠠ ᠲᠤᠰᠠᠬᠠᠶᠢᠯᠠᠨ ᠡᠳᠤᠷ ᠰᠤᠩᠭᠤᠵᠦ ᠮᠠᠯ ᠢᠶᠠᠨ ᠰᠢᠨᠡᠯᠡᠬᠦᠯᠳᠡᠭ ᠪᠠᠶᠢᠨ᠎ᠠ᠃ ᠴᠠᠬᠠᠷ ᠨᠤᠳᠤᠭ ᠤᠨ ᠤᠯᠠᠨ ᠰᠦᠷᠤᠭ᠌ ᠤᠨ ᠮᠠᠯ ᠢᠶᠠᠨ ᠰᠢᠨᠡᠯᠡᠬᠦᠯᠭ ᠡᠳᠤᠷ ᠨᠢ ᠬᠤᠭᠤᠷᠤᠨᠳᠣ ᠪᠠᠨ ᠠᠳᠠᠯᠢ ᠦᠬᠡᠢ ᠪᠠᠶᠢᠳᠠᠭ ᠪᠤᠯᠪᠠᠴᠤ ᠨᠠᠯ ᠰᠢᠨᠡᠯᠡᠬᠦᠯᠬᠦ ᠨᠠᠶᠢᠷ ᠬᠢᠬᠦ ᠶᠤᠰᠤᠨ ᠨᠢ ᠪᠠᠷᠤᠭ ᠦᠨᠳᠦᠰᠦᠨ ᠳᠤ ᠪᠠᠨ ᠠᠳᠠᠯᠢ ᠪᠠᠶᠢᠳᠠᠭ᠃      ᠲᠯᠪᠦᠭᠤ ᠲᠡᠭᠰᠢ ᠭᠠᠵᠠᠷ ᠢ ᠰᠤᠩᠭᠤᠵᠦ ᠨᠠᠶᠢᠷ ᠤᠨ ᠰᠢᠷᠡᠭᠡ ᠲᠠᠬᠢᠯᠭ᠎ᠠ ᠶᠢᠨ ᠲᠠᠪᠴᠠᠩ ᠪᠡᠯᠡᠳᠬᠡᠵᠦ ᠠᠶᠢᠯ ᠠᠶᠢᠯ ᠤᠨ ᠦᠪᠡᠷᠳᠡᠬᠡᠨ ᠠᠪᠴᠢᠷᠠᠭᠰᠠᠨ ᠲᠠᠬᠢᠯᠭ᠎ᠠ ᠶᠢᠨ ᠢᠳᠡᠬᠡᠨ ᠠᠷᠢᠬᠢ ᠲᠠᠷᠠᠰᠤ᠂ ᠪᠤᠤᠪᠤ ᠪᠤᠭᠤᠷᠰᠤᠭ᠂ ᠮᠢᠬ᠎ᠠ ᠰᠢᠬᠦᠰᠤ᠂ ᠰᠦ ᠰᠠᠭᠠᠯᠢ᠂ ᠦᠷᠦᠮ᠎ᠡ ᠬᠤᠷᠤᠳ ᠦᠬᠡᠬᠦ ᠲᠤᠰᠤ ᠪᠠᠨ ᠲᠠᠬᠢᠯᠭ᠎ᠠ ᠶᠢᠨ ᠰᠢᠷᠡᠬᠡᠨ ᠲᠡᠬᠡᠷ᠎ᠡ ᠵᠠᠰᠠᠨ ᠲᠠᠯᠪᠢᠵᠦ᠂ ᠬᠤᠳᠠ ᠤᠰᠤᠨ ᠤ ᠠᠬᠠᠮᠠᠳ ᠲᠤᠮᠤᠭᠤᠳᠠᠨ ᠠᠴᠠ ᠨᠠᠶᠢᠷ ᠢ ᠡᠬᠢᠯᠡᠨ ᠶᠠᠪᠤᠭᠳᠠᠭᠤᠯᠳᠠᠭ ᠪᠠᠶᠢᠨ᠎ᠠ᠃ ᠨᠠᠶᠢᠷ ᠡᠬᠢᠯᠡᠮᠡᠭᠴᠡ ᠠᠬᠠᠮᠠᠳ ᠲᠤᠮᠤᠭᠤᠳᠠᠨ ᠠᠴᠠ ᠪᠤᠳᠠ ᠪᠤᠭ ᠮᠠᠯ ᠤᠨ ᠲᠠᠷᠠᠭᠠᠯᠠᠯ ᠢᠶᠠᠷ ᠬᠡᠰᠢᠭ ᠤᠨ ᠬᠢᠷᠢᠶ᠎ᠡ ᠵᠠᠭᠰᠠᠭᠠᠵᠦ ᠪᠤᠬ᠎ᠠ᠂ ᠠᠵᠢᠷᠭ᠎ᠠ᠂ ᠪᠤᠤᠷ᠎ᠠ᠂ ᠬᠤᠴᠠ᠂ ᠤᠬᠤᠨ᠎ᠠ ᠠᠴᠠ ᠲᠡᠷᠢᠬᠦᠯᠡᠨ ᠡᠬᠡ ᠮᠠᠯ᠂ ᠠᠷᠠᠯ ᠤᠨ ᠱᠠᠷ᠃ ᠤᠷᠭ᠎ᠠ ᠶᠢᠨ ᠮᠤᠷᠢ ᠎ ᠪᠠᠨ ᠡᠩᠨᠡᠬᠦᠯᠦᠨ ᠵᠤᠭᠰᠤᠭᠠᠵᠦ ᠢᠷᠦᠬᠡᠯᠴᠢ ᠠᠴᠠ ᠮᠠᠯ ᠰᠢᠨᠡᠯᠡᠬᠦ ᠢᠷᠦᠬᠡᠯ ᠢᠷᠦᠬᠡᠬᠦ ᠶᠢᠨ ᠬᠠᠮᠲᠦ ᠮᠠᠯ ᠢᠶᠠᠨ ᠪᠤᠳᠠᠭ᠎ᠠ᠂ ᠠᠶᠢᠷᠠᠭ ᠲᠤᠰᠦ᠂ ᠦᠷᠦᠮ᠎ᠡ ᠴᠠᠭᠠᠨ ᠢᠳᠡᠭᠡ ᠪᠠᠷ ᠮᠢᠯᠢᠶᠠᠨ᠎ᠠ᠃ ᠡᠯ᠎ᠡ ᠲᠦᠷᠦᠯ ᠤᠨ ᠮᠠᠯ ᠢ ᠢᠷᠦᠬᠡᠬᠦ ᠳᠤ ᠢᠷᠦᠬᠡᠯ ᠤᠨ ᠠᠭᠤᠯᠠᠭ᠎ᠠ ᠨᠢ ᠠᠳᠠᠯᠢ ᠦᠬᠡᠢ ᠪᠠᠶᠢᠳᠠᠭ᠃      ᠮᠠᠯ ᠰᠢᠨᠡᠬᠦᠯᠬᠦ ᠨᠠᠶᠢᠷ ᠲᠤ ᠢᠷᠡᠭᠰᠡᠨ ᠮᠠᠯ ᠠᠳᠤᠭᠤᠯᠤᠭᠴᠢᠳ ᠢᠶᠠᠨ ᠨᠠᠶᠢᠷ ᠤᠨ ᠭᠤᠤᠯ ᠰᠢᠷᠡᠭᠡᠨ ᠳᠤ ᠵᠠᠯᠠᠨ ᠰᠠᠭᠤᠯᠭᠠᠵᠤ ᠰᠢᠬᠦᠳᠦ ᠲᠡᠪᠰᠢᠬᠦᠯᠦᠨ ᠬᠦᠨᠳᠦᠳᠬᠡᠨ ᠵᠤᠴᠢᠯᠠᠵᠦ ᠪᠠᠶᠠᠷᠯᠠᠭᠤᠯᠳᠠᠭ᠃ ᠮᠠᠯ ᠰᠢᠨᠡᠯᠭᠰᠡᠨ ᠨᠠᠶᠢᠷ ᠤᠨ ᠬᠡᠰᠢᠭ ᠢ ᠠᠶᠢᠯ ᠡᠷᠦᠬᠡ ᠤᠳ ᠲᠤ ᠬᠤᠪᠢᠶᠠᠨ ᠦᠭᠴᠦ ᠰᠠᠶᠢᠨ ᠰᠠᠶᠢᠬᠠᠨ ᠤ ᠪᠡᠯᠬᠡ ᠲᠡᠮᠳᠡᠭ ᠪᠤᠯᠭᠠᠳᠠᠭ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号