ᠬᠤᠬᠡᠳ ᠤᠨ ᠣᠪᠣᠭᠠᠨ ᠲᠠᠬᠢᠯᠭ᠎ᠠ
ᠨᠡᠶᠢᠲᠡᠯᠡᠭᠰᠡᠨ ᠴᠠᠭ᠄
2020/6/24
     ᠣᠪᠣᠭᠠᠨ ᠲᠠᠬᠢᠯᠭ᠎ᠠ ᠶᠢᠨ ᠦᠨᠳᠦᠰᠣᠨ ᠠᠭᠤᠯᠭ᠎ᠠ ᠪᠣᠯ ᠲᠡᠭᠷᠢ ᠲᠠᠬᠢᠬᠤ ᠪᠠᠷ ᠭᠤᠣᠯᠠᠯᠵᠣ᠂ ᠠᠭᠤᠯᠠ ᠬᠠᠶᠢᠷᠠᠬᠠᠨ᠂ ᠭᠠᠵᠠᠷ ᠣᠰᠣᠨ ᠤ ᠨᠠᠪᠳᠠᠭ ᠰᠠᠪᠳᠠᠭ ᠰᠠᠬᠢᠭᠤᠰᠣ ᠪᠠᠨ ᠲᠠᠬᠢᠵᠣ᠂ ᠬᠤᠷ᠎ᠠ ᠪᠣᠷᠣᠭᠠᠨ ᠲᠡᠭᠰᠢ᠂ ᠪᠡᠯᠴᠡᠬᠡᠷ ᠡᠪᠡᠰᠣ ᠣᠷᠭᠤᠴᠠ ᠰᠠᠶᠢᠳᠠᠢ᠂ ᠲᠠᠪᠣᠨ ᠬᠤᠰᠢᠭᠤ ᠮᠠᠯ ᠰᠦᠷᠦᠭ ᠬᠡᠮ ᠬᠢᠵᠢᠭ ᠦᠬᠡᠢ᠂ ᠬᠦᠮᠦᠨ ᠠᠮᠢᠳᠠᠨ ᠠᠮᠣᠭᠤᠯᠠᠩ ᠲᠠᠶᠢᠪᠣᠩ ᠪᠣᠯᠬᠤ ᠶᠢ ᠵᠦᠭᠨᠡᠨ ᠪᠡᠯᠬᠡᠯᠡᠵᠣ ᠰᠦᠰᠦᠭᠯᠡᠨ ᠲᠠᠭᠠᠳᠬᠠᠳᠠᠭ ᠢ ᠣᠪᠣᠭᠠᠨ ᠲᠠᠬᠢᠯᠭ᠎ᠠ ᠬᠡᠳᠡᠭ ᠪᠢᠯᠡ᠃      ᠬᠤᠬᠡᠳ ᠤᠨ ᠣᠪᠣᠭ᠎ᠠ ᠶᠢᠨ ᠲᠠᠬᠢᠯᠭ᠎ᠠ ᠶᠢᠨ ᠡᠬᠦᠰᠦᠯ ᠪᠣᠯ ᠬᠡᠰᠢᠭᠳᠡᠨ ᠬᠤᠰᠢᠭᠤᠨ ᠤ ᠪᠠᠷᠠᠭᠤᠨ ᠠᠷᠣ ᠨᠣᠳᠤᠭ ᠤᠨ ᠰᠢᠷ᠎ᠠ ᠶᠢᠨ ᠭᠤᠣᠯ ᠤᠨ ᠠᠶᠢᠯ ᠳᠤ ᠭᠠᠷᠣᠭᠰᠠᠨ ᠣᠴᠠᠷ ᠪᠣᠯᠣᠨ᠎ᠠ᠂ ᠮᠢᠩᠭ᠎ᠠ ᠶᠢᠰᠦᠨ ᠵᠠᠭᠤᠨ ᠠᠷᠪᠠᠭᠠᠳ ᠣᠨ ᠤ ᠦᠶ᠎ᠡ ᠪᠠᠷ ᠪᠣᠷᠣᠭᠠᠨ ᠬᠤᠷ᠎ᠠ ᠶᠡᠭᠡ ᠪᠠᠶᠢᠵᠣ ᠭᠠᠩᠭᠠᠩ ᠨᠠᠭᠤᠷ ᠤᠨ ᠣᠰᠣᠨ ᠤ ᠲᠦᠪᠰᠢᠨ ᠲᠡᠬᠡᠰᠢᠯᠡᠵᠣ ᠰᠢᠷ᠎ᠠ ᠶᠢᠨ ᠭᠤᠣᠯ ᠤᠨ ᠦᠶᠡᠷ ᠦᠷᠬᠦᠯᠵᠢᠯᠡᠭᠰᠡᠨ ᠠᠴᠠ ᠬᠦᠮᠦᠨ ᠮᠠᠯ ᠳᠤ ᠭᠠᠮᠰᠢᠭ ᠪᠣᠯᠵᠠᠢ᠃ ᠬᠡᠳᠦᠨ ᠵᠢᠯ ᠤᠨ ᠬᠤᠭᠤᠷᠣᠨᠳᠣ ᠡᠨᠡ ᠠᠶᠢᠯ ᠠᠴᠠ ᠰᠢᠷ᠎ᠠ ᠭᠤᠣᠯ ᠤᠨ ᠦᠶᠡᠷ ᠤᠨ ᠣᠰᠣᠨ ᠳᠤ ᠭᠡᠳᠣ ᠭᠡᠳᠦᠨ ᠬᠤᠬᠡᠳ ᠎ ᠢᠶᠠᠨ ᠠᠯᠳᠠᠪᠠ ᠬᠡᠨ᠎ᠡ᠃ ᠠᠶᠢᠯ ᠤᠨ ᠲᠣᠮᠣᠭᠠᠳᠠᠨ ᠲᠣᠯᠢᠨ ᠰᠦᠮ᠎ᠡ ᠳᠤ ᠬᠦᠷᠴᠤ ᠯᠠᠮᠬᠠᠢ ᠠᠴᠠ ᠠᠰᠠᠭᠤᠭᠰᠠᠨ ᠳᠤ ︿ᠯᠣᠣᠰ ᠠᠭᠤᠷᠠᠯᠵᠠᠢ﹀ ᠣᠪᠣᠭ᠎ᠠ ᠪᠣᠰᠬᠠᠵᠣ ᠲᠠᠬᠢᠪᠠᠯ ᠰᠠᠶᠢᠨ ᠪᠣᠯᠣᠨ᠎ᠠ ᠬᠡᠵᠠᠢ᠃ ᠲᠣᠮᠣᠭᠠᠳᠠᠨ ᠬᠠᠷᠢᠵᠣ ᠢᠷᠡᠬᠡᠳ ᠵᠦᠪᠳᠡᠬᠦ ᠦᠶ᠎ᠡ ᠳᠤ ᠢᠳᠠᠮᠰᠡᠷᠡᠩ ᠤᠨ ᠲᠡᠬᠡᠳᠦᠰ ᠪᠣᠯᠬᠤ ᠨᠡᠯᠢᠶᠡᠳ ᠮᠠᠯ ᠲᠠᠢ ᠪᠠᠶᠠᠨ ᠮᠠᠯᠴᠢᠨ ᠮᠦᠩᠬᠦ ᠭᠠᠷᠭᠠᠵᠣ᠂ ᠰᠢᠷ᠎ᠠ ᠶᠢᠨ ᠭᠤᠣᠯ ᠤᠨ ᠡᠬᠢᠨ ᠳᠤ ᠣᠪᠣᠭ᠎ᠠ ᠪᠣᠰᠬᠠᠵᠣ ᠯᠠᠮ ᠬᠤᠸᠠᠷᠠᠭ ᠵᠠᠯᠠᠵᠣ ᠠᠮᠢᠯᠠᠭᠤᠯᠣᠨ ᠲᠠᠬᠢᠵᠣ᠂ ᠣᠪᠣᠭᠠᠨ ᠎ ᠤ ᠨᠡᠷ᠎ᠡ ᠪᠠᠨ ︿ᠬᠤᠬᠡᠳ ᠤᠨ ᠣᠪᠣᠭ᠎ᠠ﹀ ᠬᠡᠵᠡᠢ᠃ ᠵᠢᠯ ᠪᠦᠷᠢ ᠶᠢᠨ ᠪᠢᠯᠢᠭ ᠤᠨ5 ᠰᠠᠷ᠎ᠠ ᠶᠢᠨ 25᠎ ᠤ ᠡᠳᠦᠷ ᠲᠠᠬᠢᠯᠭ᠎ᠠ ᠶᠠᠪᠣᠭᠤᠯᠣᠭᠰᠠᠨ ᠠᠴᠠ ︿ᠭᠠᠩᠭᠠᠩ ᠨᠠᠭᠤᠷ ᠤᠨ ᠯᠣᠣᠰ﹀᠎ ᠤᠨ ᠡᠵᠢᠨ ᠪᠠᠶᠠᠷᠯᠠᠵᠣ ᠦᠷᠦᠰᠢᠶᠡᠯ ᠬᠠᠶᠢᠷᠯᠠᠨ ᠦᠶᠡᠷ ᠤᠨ ᠣᠰᠣᠨ ᠳᠤ ᠲᠠᠬᠢᠵᠣ ᠬᠤᠬᠡᠳ ᠢᠶᠠᠨ ᠠᠯᠳᠠᠬᠤ ᠪᠠᠨ ᠪᠠᠶᠢᠵᠠᠢ᠃ ᠲᠣᠰ ᠣᠪᠣᠭ᠎ᠠ ᠶᠢ ᠴᠠᠭᠠᠨ ᠢᠶᠠᠷ ᠲᠠᠬᠢᠯᠭ᠎ᠠ ᠬᠢᠳᠡᠭ᠃ ᠲᠠᠷᠣᠢ ᠴᠠᠭᠠᠨ ᠢᠳᠡᠭᠡ ᠪᠠᠷ ᠲᠠᠬᠢᠨ᠎ᠠ᠂ ᠬᠤᠨᠢ ᠮᠠᠯ ᠠᠯᠠᠬᠤ ᠶᠢ ᠴᠡᠬᠡᠷᠯᠡᠨ᠎ᠡ᠃ ᠣᠣᠯ ᠨᠢ ᠭᠤᠷᠪᠠ ᠲᠦᠷᠪᠡᠨ ᠠᠶᠢᠯ ᠲᠠᠬᠢᠵᠣ ᠪᠠᠶᠢᠭᠰᠠᠨ ᠶᠤᠮ᠂ ᠰᠡᠬᠦᠯᠳᠡᠵᠣ ᠢᠷᠡᠬᠡᠳ ᠬᠤᠳᠠ ᠣᠰᠣ ᠪᠠᠷ ᠢᠶᠠᠨ ᠲᠠᠬᠢᠬᠤ ᠪᠣᠯᠪᠠ᠃ ᠲᠡᠬᠦᠨ ᠠᠴᠠ ᠬᠤᠶᠢᠰᠢ ᠡᠨᠡ ᠬᠤᠳᠠ ᠣᠰᠣᠨ ᠤ ᠠᠶᠢᠯ ᠠᠴᠠ ᠣᠯᠠᠨ ᠲᠣᠭᠠᠨ ᠤ ᠡᠷᠳᠡᠮᠳᠡᠨ ᠴᠢᠳᠠᠪᠣᠷᠢᠳᠠᠨ ᠴᠣᠯᠭᠤᠷᠠᠨ ᠭᠠᠷᠬᠤ ᠪᠣᠯᠵᠠᠢ᠃ ᠰᠣᠶᠣᠯ ᠤᠨ ᠬᠤᠪᠢᠰᠬᠠᠯ ᠤᠨ ᠣᠯᠠᠭᠠᠨ ᠰᠢᠭᠤᠷᠭᠠᠨ ᠳᠤ ᠲᠠᠭᠠᠷᠢᠭᠳᠠᠵᠣ ᠦᠨᠳᠦᠰᠳᠳᠡᠨ ᠤ ᠵᠠᠩ ᠵᠠᠩᠰᠢᠯ ᠢ ᠬᠤᠭ ᠤᠨ ᠣᠪᠣᠭᠠᠨ ᠳᠤ ᠬᠠᠶᠠᠭᠰᠠᠨ ᠠᠴᠠ ᠨᠢᠬᠡ ᠦᠶ᠎ᠡ ᠲᠠᠰᠤᠷᠠᠵᠣ᠂ ᠦᠬᠡᠷᠴᠢᠯᠡᠯᠳᠡ ᠨᠡᠬᠡᠬᠡᠯᠳᠡ ᠶᠢᠨ ᠦᠷᠬᠡᠨ ᠵᠠᠮ ᠳᠤ ᠣᠷᠣᠭᠰᠠᠨ ᠤ ᠲᠠᠷᠠᠭ᠎ᠠ1983 ᠣᠨ ᠠᠴᠠ ᠲᠠᠬᠢᠨ ᠰᠡᠷᠬᠦᠬᠡᠪᠡ᠃ ᠲᠠᠪᠣᠨ ᠦᠬᠡᠷᠳᠣ ᠠᠶᠢᠯ ᠤᠨ ᠲᠣᠰ ᠣᠪᠣᠭ᠎ᠠ ᠶᠢ ᠠᠩᠬ᠎ᠠ ᠰᠡᠷᠬᠦᠬᠡᠭᠰᠡᠨ ᠨᠠᠰᠣᠳᠠᠨ ᠤ ᠬᠤᠶᠢᠴᠢ ᠦᠶ᠎ᠡ ᠪᠣᠯᠬᠤ ᠢᠳᠠᠮᠰᠡᠷᠡᠩ᠂ ᠨᠡᠷᠡᠳᠣ ᠪᠦᠬᠡᠴᠢᠨ ᠯᠣᠷᠣᠢ᠂ ᠠᠬᠠᠮᠠᠳ ᠮᠠᠯᠴᠢᠨ ᠰᠠᠷᠠᠩᠰᠦᠬᠡ ᠨᠠᠷ ᠡᠷᠳᠡᠮᠳᠡᠨ ᠬᠤᠸᠠᠷᠠᠭ ‍ᡀᠠᠯᠣᠵᠠᠪᠠ ᠎ ᠶᠢ ᠵᠠᠯᠠᠵᠣ ᠲᠠᠬᠢᠨ ᠠᠮᠢᠯᠠᠭᠤᠯᠵᠣ 5 ᠰᠠᠷ᠎ᠠ ᠶᠢᠨ 25᠎ ᠤ ᠡᠳᠦᠷ ᠲᠠᠬᠢᠯᠭ᠎ᠠ ᠶᠠᠪᠣᠭᠤᠯᠪᠠ᠃1984 ᠣᠨ ᠠᠴᠠ ᠨᠠᠰᠢ᠂ ᠲᠠᠭᠠᠨᠠᠭᠤᠷ᠂ ᠪᠠᠶᠠᠨᠬᠤᠰᠢᠭᠤ ᠵᠡᠷᠬᠡ ᠭᠤᠷᠪᠠᠨ ᠭᠠᠴᠠᠭ᠎ᠠ ᠡᠬᠡᠯᠵᠢᠯᠡᠨ ᠬᠠᠷᠢᠭᠤᠴᠢᠵᠣ ᠲᠠᠬᠢᠬᠤ ᠪᠣᠯᠪᠠ᠃      ᠶᠡᠷᠡᠬᠡᠳ ᠣᠨ ᠳᠤ ᠬᠤᠰᠢᠭᠤᠨ ᠤ ᠰᠣᠷᠭᠠᠨ ᠬᠦᠮᠦᠵᠢᠯ ᠤᠨ ᠲᠣᠪᠴᠢᠶᠠᠨ ᠤ ᠲᠠᠷᠤᠭ᠎ᠠ ᠪᠠᠶᠢᠭᠰᠠᠨ ᠰᠠᠶᠢᠨᠪᠠᠶᠠᠷ ᠪᠦᠬᠦ ᠬᠤᠰᠢᠭᠤᠨ ᠤ ᠮᠣᠩᠭᠤᠯ ᠲᠣᠮᠳᠠ᠂ ᠪᠠᠭ᠎ᠠ ᠰᠣᠷᠭᠠᠭᠤᠯᠢ ᠶᠢᠨ ᠰᠣᠷᠣᠭᠴᠢᠳ ᠢ ᠬᠤᠬᠡᠳ ᠤᠨ ᠣᠪᠣᠭᠠᠨ ᠲᠠᠬᠢᠯᠭ᠎ᠠ ᠳᠤ ᠣᠷᠣᠯᠴᠢᠭᠤᠯᠣᠨ ᠦᠨᠳᠦᠰᠦᠳᠡᠨ ᠤ ᠣᠨᠴᠠᠯᠭᠠᠠᠳᠣ ᠪᠢᠶ᠎ᠡ ᠲᠠᠮᠢᠷ ᠤᠨ ᠣᠷᠣᠯᠳᠣᠭᠠᠨ ᠶᠠᠪᠣᠭᠤᠯᠪᠠ᠃      2007 ᠣᠨ ᠳᠤ ᠬᠡᠰᠢᠭᠳᠡᠨ ᠬᠤᠰᠢᠭᠤᠨ ᠤ ᠭᠠᠵᠠᠷ ᠣᠷᠣᠨ ᠤ ᠭᠠᠶᠢᠯᠢ ᠲᠣᠪᠴᠢᠶᠠᠨ ᠤ ᠵᠢᠷᠭᠠᠯ ᠪᠠᠶᠢᠭᠤᠯᠭ᠎ᠠ ᠶᠢᠨ ᠪᠠᠷᠢᠯᠭ᠎ᠠ ᠶᠢᠨ ᠡᠳ᠋ ᠪᠣᠳᠠᠰ ᠠᠴᠠ 8000 ᠢᠯᠡᠬᠦᠦ ᠲᠦᠬᠦᠷᠢᠭ ᠤᠨ ᠪᠣᠳᠠᠰ ᠭᠠᠷᠭᠠᠵᠣ᠂ ᠲᠦᠷᠣᠯᠬᠢ ᠨᠣᠳᠤᠭ ᠤᠨ ᠢᠶᠠᠨ ᠬᠤᠬᠡᠳ ᠤᠨ ᠣᠪᠣᠭᠠᠨ ᠳᠤ ᠭᠠᠨᠳᠠᠭ ᠴᠢᠯᠭᠤ ᠪᠠᠷ ᠨᠣᠳᠤᠭ ᠤᠨ ᠪᠣᠭᠤᠷᠣᠯ ᠪᠣᠶᠠᠨᠳᠡᠬᠦᠰ ᠤᠨ ᠵᠢᠷᠤᠭ ᠲᠦᠰᠦᠪ ᠢᠶᠠᠷ ᠪᠦᠬᠦᠨ ᠢ ᠰᠢᠨᠡᠳᠬᠡᠨ ᠵᠠᠰᠠᠵᠣ ᠭᠤᠶᠣ ᠰᠠᠶᠢᠬᠠᠨ ᠲᠠᠬᠢᠯᠭ᠎ᠠ ᠶᠢᠨ ᠣᠪᠣᠭ᠎ᠠ ᠎ ᠶᠢ ᠰᠢᠨᠡᠳᠬᠡᠨ ᠪᠠᠶᠢᠭᠤᠯᠪᠠ᠃      ᠬᠤᠶᠠᠷ ᠮᠢᠩᠭᠠᠨ ᠣᠨ ᠠᠴᠠ ᠨᠠᠰᠢ ᠲᠠᠷᠠᠬᠠᠠᠭᠤᠯᠠ ᠰᠣᠮᠣᠨ ᠠᠴᠠ ᠬᠦᠨᠳᠦᠳᠬᠡᠨ ᠦᠵᠢᠵᠣ ᠦᠷᠳᠡᠭ ᠮᠦᠩᠬᠦ ᠵᠠᠷᠣᠴᠢᠭᠤᠯᠣᠨ ᠰᠣᠮᠣᠨ ᠤ ᠪᠦᠬᠦ ᠰᠣᠷᠣᠭᠴᠢᠳ ᠢ ᠣᠷᠣᠯᠴᠢᠭᠤᠯᠣᠨ ᠦᠨᠳᠦᠰᠦᠳᠡᠨ ᠤ ᠪᠢᠶ᠎ᠡ ᠲᠠᠮᠢᠷ ᠤᠨ ᠠᠭᠤᠯᠭ᠎ᠠ ᠎ ᠶᠢ ᠦᠷᠬᠡᠨ ᠪᠣᠯᠭᠠᠵᠣ᠂ ᠬᠠᠶᠠᠭᠳᠠᠨ ᠣᠷᠬᠢᠭᠳᠠᠭᠰᠠᠨ ᠰᠣᠶᠣᠯ ᠢᠶᠠᠨ ᠣᠯᠠᠮᠵᠢᠯᠠᠨ ᠵᠠᠯᠭᠠᠮᠵᠢᠯᠠᠵᠣ᠂ ᠪᠦᠬᠦ ᠰᠣᠮᠣᠨ ᠤ ᠬᠡᠪᠴᠢᠶ᠎ᠡ ᠲᠠᠢ ᠨᠠᠶᠢᠷ ᠨᠠᠭᠠᠳᠣᠮ ᠡᠷᠬᠢᠯᠡᠵᠤ ᠪᠠᠶᠢᠨ᠎ᠠ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号