ᠰᠤᠷᠪᠤᠯᠵᠢᠯᠠᠭᠰᠠᠨ ᠭᠤᠤᠯ ᠰᠡᠳᠦᠪ᠄ ᠰᠢᠨᠵᠢᠯᠡᠬᠦ ᠤᠬᠠᠭᠠᠨ ᠵᠠᠮ ᠵᠡᠭᠡᠯᠢ ᠭᠤᠳᠤᠮᠵᠢ ᠶᠢᠨ ᠨᠡᠶᠢᠭᠡᠮ ᠤᠨ | ᠵᠠᠰᠠᠯᠲᠠ ᠶᠢᠨ ᠲᠠᠯ᠎ᠠ ᠪᠠᠷ ᠬᠢ ᠰᠢᠨ᠎ᠡ ᠠᠷᠭ᠎ᠠ ᠬᠡᠮᠵᠢᠶ᠎ᠡ | ᠰᠤᠷᠪᠤᠯᠵᠢᠯᠠᠭᠰᠠᠨ ᠴᠠᠭ᠄ 2020 ᠣᠨ ᠤ 10 ᠰᠠᠷ᠎ᠠ ᠶᠢᠨ 15 ᠤ ᠡᠳᠦᠷ | ᠰᠤᠷᠪᠤᠯᠵᠢᠯᠠᠭ᠎ᠠ ᠬᠦᠯᠢᠶᠡᠭᠰᠡᠨ ᠵᠤᠴᠢᠨ᠄ ᠰᠢᠨᠵᠢᠯᠡᠬᠦ ᠤᠬᠠᠭᠠᠨ ᠵᠠᠮ ᠤᠨ ᠵᠡᠭᠡᠯᠢ ᠭᠤᠳᠤᠮᠵᠢ ᠶᠢᠨ ᠨᠠᠮ ᠤᠨ | ᠠᠵᠢᠯᠯᠠᠬᠤ ᠬᠤᠷᠢᠶᠠᠨ ᠤ ᠱᠦᠵᠢ᠂ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠳ᠋ᠠᠨ ᠬᠠᠢ ᠹᠧᠩ | ᠬᠥᠲᠥᠯᠥᠭᠴᠢ᠄ ᠵᠡᠭᠡᠯᠢ ᠭᠤᠳᠤᠮᠵᠢ ᠨᠢ ᠨᠡᠶᠢᠭᠡᠮ ᠤᠨ ᠵᠠᠰᠠᠯᠲᠠ ᠶᠢᠨ ᠲᠠᠯ᠎ᠠ ᠪᠠᠷ ᠶᠠᠮᠠᠷ ᠶᠠᠮᠠᠷ ᠰᠢᠨ᠎ᠡ ᠠᠷᠭ᠎ᠠ | ᠬᠡᠮᠵᠢᠶ᠎ᠡ ᠪᠠᠶᠢᠬᠤ ᠪᠣᠶ︖ | ᠰᠤᠷᠪᠤᠯᠵᠢᠯᠠᠭ᠎ᠠ ᠬᠦᠯᠢᠶᠡᠭᠰᠡᠨ ᠵᠤᠴᠢᠨ ᠳ᠋ᠠᠨ ᠬᠠᠢ ᠹᠧᠩ᠄ ᠤᠶᠢᠷ᠎ᠠ ᠶᠢᠨ ᠵᠢᠯ ᠳᠤ᠂ ᠰᠢᠨᠵᠢᠯᠡᠬᠦ ᠤᠬᠠᠭᠠᠨ ᠵᠠᠮ | ᠤᠨ ᠵᠡᠭᠡᠯᠢ ᠭᠤᠳᠤᠮᠵᠢ ᠬᠠᠷᠢᠶ᠎ᠠ ᠳᠠᠬᠢ ᠬᠤᠳᠠᠯᠳᠤᠭ᠎ᠠ᠂ ᠮᠥᠩᠭᠦᠨ ᠭᠦᠢᠯᠭᠡᠭᠡ ᠵᠡᠷᠭᠡ ᠡᠵᠡᠩᠨᠡᠯᠲᠡ ᠶᠢᠨ ᠪᠠᠶᠢᠳᠠᠯ ᠲᠠᠢ | ᠤᠶᠠᠯᠳᠤᠵᠤ᠂ ᠨᠡᠶᠢᠭᠡᠮ ᠤᠨ ᠵᠠᠰᠠᠯᠲᠠ ᠶᠢᠨ ᠬᠦᠴᠢᠷᠳᠡᠯ ᠲᠠᠢ ᠪᠣᠳᠠᠲᠤ ᠪᠠᠶᠢᠳᠠᠯ ᠢ ᠪᠣᠶ ᠪᠣᠯᠭᠠᠵᠤ᠂ ᠬᠤᠳᠠᠯᠳᠤᠭᠠᠨ ᠤ | ᠶᠡᠷᠦᠩᠬᠡᠶᠢᠯᠡᠭᠰᠡᠨ ᠴᠣᠭᠴᠠ ᠶᠢᠨ ᠬᠠᠮᠢᠶᠠᠷᠤᠯᠲᠠ ᠦᠢᠯᠡᠴᠢᠯᠡᠭᠡᠨ ᠤ ᠬᠦᠴᠢᠷ ᠠᠰᠠᠭᠤᠳᠠᠯ ᠢ ᠢᠳᠡᠪᠬᠢᠲᠡᠶ | ᠰᠦᠪᠡᠭᠴᠢᠯᠡᠨ ᠰᠢᠢᠳᠪᠦᠷᠢᠯᠡᠵᠦ᠂ ᠨᠡᠶᠢᠭᠡᠮ ᠤᠨ ᠵᠠᠰᠠᠯᠲᠠ ᠶᠢᠨ ᠰᠢᠨ᠎ᠡ ᠵᠠᠭᠪᠤᠷ ᠢ ᠬᠦᠴᠦᠯᠡᠨ ᠰᠦᠪᠡᠭᠴᠢᠯᠡᠨ | ᠪᠠᠶᠢᠭᠤᠯᠪᠠ᠃ | ᠨᠢᠭᠡ ᠳᠤ ᠨᠠᠮ ᠤᠨ ᠪᠠᠶᠢᠭᠤᠯᠤᠯᠲᠠ ᠪᠠᠷ ᠬᠥᠲᠥᠯᠥᠨ ᠳᠠᠭᠠᠭᠤᠯᠵᠤ᠂ ᠪᠠᠶᠢᠭᠤᠯᠤᠯᠲᠠ ᠶᠢ ᠴᠢᠩᠭᠠᠳᠬᠠᠨ᠎ᠠ᠃ | ᠵᠡᠭᠡᠯᠢ ᠭᠤᠳᠤᠮᠵᠢ᠂ ᠨᠡᠶᠢᠭᠡᠮ ᠲᠣᠭᠤᠷᠢᠭ ᠤᠨ ᠨᠠᠮ ᠤᠨ ᠬᠤᠷᠢᠶ᠎ᠠ ᠪᠠᠷ ᠲᠦᠷᠦᠭᠦᠯᠡᠭᠦᠯᠦᠨ᠂ ᠨᠡᠶᠢᠭᠡᠮ ᠲᠣᠭᠤᠷᠢᠭ ᠤᠨ | ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠦᠢᠯᠡᠳᠦᠯ ᠢ ᠭᠦᠢᠴᠡᠳ ᠪᠠᠳᠠᠷᠠᠭᠤᠯᠵᠤ᠂ ᠨᠡᠩ ᠣᠯᠠᠨ ᠨᠠᠮ ᠤᠨ | ᠭᠡᠰᠢᠭᠦᠨ ᠤ ᠪᠡᠶ᠎ᠡ ᠶᠢᠨ ᠭᠠᠷᠤᠯ ᠢᠶᠠᠨ ᠲᠤᠲᠤᠷᠠᠭᠤᠯᠵᠦ ᠠᠰᠠᠷ ᠤᠨ ᠳᠠᠷᠤᠭ᠎ᠠ ᠪᠣᠯᠭᠠᠬᠤ ᠬᠡᠷᠡᠭᠲᠡᠶ᠃ ᠨᠡᠶᠢᠭᠡᠮ | ᠲᠣᠭᠤᠷᠢᠭ ᠤᠨ ᠬᠠᠮᠲᠤ ᠪᠠᠷ ᠪᠦᠲᠦᠭᠡᠨ ᠪᠠᠶᠢᠭᠤᠯᠬᠤ ᠨᠢᠭᠡᠴᠡ ᠶᠢ ᠵᠣᠬᠢᠶᠠᠨ ᠪᠠᠶᠢᠭᠤᠯᠤᠨ ᠦᠢᠯᠡᠴᠢᠯᠡᠭᠡ ᠶᠢ ᠲᠠᠨᠢᠵᠤ | ᠠᠪᠬᠤ ᠠᠵᠢᠯ ᠢ ᠥᠷᠨᠢᠭᠦᠯᠵᠦ᠂ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠲᠤ ᠨᠠᠷᠢᠯᠢᠭᠵᠢᠭᠤᠯᠬᠤ᠂ | ᠣᠨᠣᠪᠴᠢᠵᠢᠭᠤᠯᠬᠤ᠂ ᠲᠤᠰᠬᠠᠶᠢᠵᠢᠭᠰᠠᠨ ᠦᠢᠯᠡᠴᠢᠯᠡᠭᠡ ᠬᠠᠩᠭᠠᠵᠦ᠂ ᠨᠡᠶᠢᠭᠡᠮ ᠲᠣᠭᠤᠷᠢᠭ ᠤᠨ ᠶᠡᠷᠦᠩᠬᠡᠶᠢᠯᠡᠭᠰᠡᠨ | ᠦᠢᠯᠡᠴᠢᠯᠡᠭᠡ ᠶᠢ ᠲᠡᠭᠦᠯᠳᠡᠷᠵᠢᠭᠦᠯᠵᠦ᠂ ︽ᠨᠡᠶᠢᠭᠡᠮ ᠲᠣᠭᠤᠷᠢᠭ ᠤᠨ ᠲᠣᠣᠷᠴᠢᠯᠠᠭᠴᠢ + ᠪᠣᠳᠠᠰ ᠤᠨ ᠬᠠᠮᠢᠶᠠᠷᠤᠭᠴᠢ | + ᠨᠠᠮ ᠤᠨ ᠭᠡᠰᠢᠭᠦᠨ ᠤ ᠠᠰᠠᠷ ᠤᠨ ᠳᠠᠷᠤᠭ᠎ᠠ︾ ᠶᠢᠨ ᠭᠤᠷᠪᠠᠳᠤᠭᠠᠷ ᠳᠡᠰ ᠤᠨ ᠲᠣᠣᠷᠵᠢᠯ ᠤᠨ ᠦᠢᠯᠡᠴᠢᠯᠡᠭᠡᠨ ᠤ | ᠰᠢᠰᠲ᠋ᠧᠮ ᠢ ᠴᠢᠷᠮᠠᠶᠢᠨ ᠪᠠᠶᠢᠭᠤᠯᠤᠨ᠎ᠠ᠃ | ᠬᠤᠶᠠᠷ ᠲᠤ ᠣᠯᠠᠨ ᠲᠠᠯ᠎ᠠ ᠶᠢᠨ ᠬᠢᠨ ᠣᠷᠣᠯᠴᠠᠵᠤ᠂ ᠬᠡᠷ ᠣᠷᠣᠨ ᠢᠶᠠᠨ ᠬᠠᠮᠲᠤ ᠪᠠᠷ ᠪᠥᠲᠥᠭᠡᠨ | ᠪᠠᠶᠢᠭᠤᠯᠤᠨ᠎ᠠ᠃ ᠨᠡᠶᠢᠭᠡᠮ ᠲᠣᠭᠤᠷᠢᠭ ᠤᠨ ᠨᠠᠮ ᠤᠨ ᠬᠤᠷᠢᠶ᠎ᠠ ᠬᠠᠷᠢᠶ᠎ᠠ ᠳᠠᠬᠢ ᠳᠣᠲᠣᠨ᠎ᠠ ᠭᠠᠳᠠᠨᠠᠬᠢ ᠡᠬᠢ | ᠪᠠᠶᠠᠯᠢᠭ ᠯᠤᠭ᠎ᠠ ᠵᠤᠯᠭᠠᠯᠴᠠᠨ ᠨᠡᠪᠲᠡᠷᠡᠯᠴᠡᠭᠡ ᠪᠠᠨ ᠴᠢᠩᠭᠠᠳᠬᠠᠵᠤ᠂ ᠨᠡᠶᠢᠭᠡᠮ ᠲᠣᠭᠤᠷᠢᠭ ᠲᠤ ᠰᠠᠭᠤᠭ᠎ᠠ | ᠨᠢᠭᠡᠴᠡ ᠯᠦᠭᠡ ᠬᠠᠮᠲᠤ ᠶᠢᠨ ᠲᠠᠨᠢᠯᠲᠠ ᠪᠠᠨ ᠨᠢᠭᠲᠠᠷᠠᠭᠤᠯᠬᠤ ᠶᠢ ᠴᠢᠩᠭᠠᠳᠬᠠᠵᠤ᠂ ᠬᠠᠮᠲᠤᠷᠠᠯᠴᠠᠭ᠎ᠠ ᠪᠠᠨ | ᠭᠦᠨᠵᠡᠭᠡᠶᠢᠷᠡᠭᠦᠯᠦᠨ᠎ᠡ᠃ ︽ᠨᠡᠶᠢᠭᠡᠮ ᠲᠣᠭᠤᠷᠢᠭ ᠤᠨ ᠨᠠᠮ ᠤᠨ ᠬᠤᠷᠢᠶ᠎ᠠ + ᠠᠳᠠᠯ ᠠᠬᠤᠢ ᠶᠢᠨ ᠺᠣᠮᠫᠠᠨᠢ + | ᠰᠠᠭᠤᠭᠠᠯᠢ ᠠᠷᠠᠳ ᠤᠨ ᠤᠳᠤᠷᠢᠳᠤᠭᠴᠢ︾ ᠲᠤᠰᠬᠠᠶ ᠮᠡᠷᠭᠡᠵᠢᠯ ᠤᠨ ᠦᠢᠯᠡᠴᠢᠯᠡᠭᠡᠨ ᠤ ᠡᠩᠨᠡᠭᠡ ᠶᠢ ᠪᠦᠷᠢᠯᠳᠦᠭᠦᠯᠬᠦ | ᠪᠣᠯᠲᠠᠯ᠎ᠠ᠂ ᠨᠡᠶᠢᠭᠡᠮ ᠲᠣᠭᠤᠷᠢᠭ ᠤᠨ ᠡᠬᠢ ᠪᠠᠶᠠᠯᠢᠭ ᠢ ᠨᠡᠶᠢᠭᠡᠮ ᠲᠣᠭᠤᠷᠢᠭ ᠤᠨ ᠪᠦᠲᠦᠭᠡᠨ ᠪᠠᠶᠢᠭᠤᠯᠤᠯᠲᠠ ᠯᠤᠭ᠎ᠠ | ᠦᠨᠡᠨᠬᠦ ᠵᠣᠯᠭᠠᠭᠤᠯᠬᠤ᠂ ᠵᠣᠬᠢᠴᠠᠯᠳᠤᠭᠤᠯᠬᠤ ᠶᠢ ᠠᠬᠢᠭᠤᠯᠵᠤ᠂ ᠨᠡᠶᠢᠭᠡᠮ ᠲᠣᠭᠤᠷᠢᠭ ᠤᠨ ᠵᠠᠰᠠᠯᠲᠠ ᠶᠢᠨ ᠰᠢᠨ᠎ᠡ ᠶᠢ | ᠡᠭᠦᠳᠬᠦ ᠳᠤ ᠬᠦᠴᠦᠨ ᠨᠡᠮᠡᠷᠢᠯᠡᠨ᠎ᠡ᠃ | ᠭᠤᠷᠪᠠ ᠳᠤ ᠰᠢᠨᠵᠢᠯᠡᠬᠦ ᠤᠬᠠᠭᠠᠨ ᠮᠡᠷᠭᠡᠵᠢᠯ ᠢᠶᠠᠷ ᠲᠤᠯᠭᠠᠭᠤᠷᠢᠯᠠᠵᠤ᠂ ᠠᠭᠤᠰᠤᠯᠴᠠᠭᠤᠯᠤᠨ ᠬᠠᠮᠲᠤᠪᠠᠷ | ᠵᠠᠰᠠᠬᠤ ᠬᠡᠷᠡᠭᠲᠡᠶ᠃ ᠰᠢᠨᠵᠢᠯᠡᠬᠦ ᠤᠬᠠᠭᠠᠨ ᠵᠠᠮ ᠤᠨ ᠵᠡᠭᠡᠯᠢ ᠭᠤᠳᠤᠮᠵᠢ ᠳᠤ ︽ᠨᠢᠭᠡ ᠲᠠᠪᠴᠠᠩ ᠤᠨ ᠭᠤᠷᠪᠠᠨ | ᠠᠵᠢᠯᠯᠠᠬᠤ ᠲᠠᠰᠤᠭ + N ᠬᠠᠮᠲᠤᠷᠠᠨ ᠬᠥᠳᠡᠯᠦᠯᠴᠡᠬᠦ︾ ᠬᠡᠪ ᠵᠠᠭᠪᠤᠷ ᠶᠣᠰᠣᠭᠠᠷ ᠵᠧᠩ ᠰᠢᠶᠠᠩ ᠤᠨ ᠣᠯᠠᠨ | ᠤᠯᠤᠰ ᠤᠨ ᠬᠤᠳᠠᠯᠳᠤᠭᠠᠨ ᠤ ᠲᠣᠭᠤᠷᠢᠭ ᠤᠨ ᠠᠰᠠᠷ ᠲᠠᠭᠲᠤ ᠶᠢ ᠶᠡᠷᠦᠩᠬᠡᠶᠢᠯᠡᠨ ᠵᠠᠰᠠᠬᠤ ᠲᠥᠪ ᠢ ᠪᠦᠲᠦᠭᠡᠨ | ᠪᠠᠶᠢᠭᠤᠯᠵᠤ᠂ ᠪᠤᠭᠤᠲᠤ ᠬᠤᠲᠠ ᠶᠢᠨ ᠵᠥᠷᠢᠴᠡᠯ ᠢ ᠡᠶᠡᠳᠡᠭᠦᠯᠦᠨ ᠰᠢᠢᠳᠪᠦᠷᠢᠯᠡᠬᠦ ᠲᠥᠪ᠂ ᠠᠳᠠᠯ ᠠᠬᠤᠢ ᠶᠢᠨ | ᠲᠣᠭᠤᠷᠢᠨ ᠰᠢᠭᠦᠬᠦ ᠲᠢᠩᠬᠢᠮ ᠢ ᠪᠠᠶᠢᠭᠤᠯᠵᠤ᠂ ᠵᠡᠭᠡᠯᠢ ᠭᠤᠳᠤᠮᠵᠢ ᠶᠢᠨ ᠶᠡᠷᠦᠩᠬᠡᠶᠢᠯᠡᠭᠰᠡᠨ ᠵᠠᠰᠠᠯᠲᠠ ᠶᠢᠨ ᠲᠥᠪ ᠢᠶᠠᠷ | ᠵᠣᠬᠢᠶᠠᠨ ᠪᠠᠶᠢᠭᠤᠯᠤᠯᠲᠠ ᠶᠢᠨ ᠭᠤᠤᠯ ᠪᠣᠯᠭᠠᠨ᠂ ᠨᠡᠶᠢᠭᠡᠮ ᠲᠣᠭᠤᠷᠢᠭ᠂ ᠬᠤᠳᠠᠯᠳᠤᠭᠠᠨ ᠤ ᠲᠣᠭᠤᠷᠢᠭ ᠤᠨ ᠠᠰᠠᠷ | ᠲᠠᠭᠲᠤ ᠶᠢ ᠶᠡᠷᠦᠩᠬᠡᠶᠢᠯᠡᠨ ᠵᠠᠰᠠᠬᠤ ᠲᠥᠪ ᠪᠣᠯᠤᠨ ᠵᠥᠷᠢᠴᠡᠯ ᠢ ᠡᠶᠡᠳᠡᠭᠦᠯᠦᠨ ᠰᠢᠢᠳᠪᠦᠷᠢᠯᠡᠬᠦ ᠲᠥᠪ ᠢᠶᠠᠷ | ᠭᠦᠢᠴᠡᠳᠭᠡᠬᠦ ᠭᠤᠤᠯ ᠴᠣᠭᠴᠠ ᠪᠤᠯᠭᠠᠵᠦ᠂ ᠡᠯ᠎ᠡ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠤᠳ ᠬᠠᠷᠢᠯᠴᠠᠨ | ᠬᠠᠮᠵᠢᠯᠴᠠᠭᠰᠠᠨ ︽ᠬᠤᠶᠠᠷ ᠱᠠᠲᠤ ᠨᠢᠭᠡᠳᠦᠯᠲᠡᠶ ᠲᠥᠯᠥᠪᠯᠡᠬᠦ + ᠣᠯᠠᠨ ᠲᠠᠯ᠎ᠠ ᠬᠤᠯᠪᠣᠭᠠᠯᠠᠨ ᠬᠥᠳᠡᠯᠦᠯᠴᠡᠬᠦ︾ ᠪᠠᠷ | ᠬᠠᠮᠲᠤᠪᠠᠷ ᠪᠠᠶᠢᠭᠤᠯᠵᠤ ᠬᠠᠮᠲᠤᠪᠠᠷ ᠵᠠᠰᠠᠬᠤ ᠬᠠᠮᠲᠤᠪᠠᠷ ᠡᠳ᠋ᠯᠡᠬᠦ ᠶᠡᠷᠦᠩᠬᠡᠶᠢᠯᠡᠨ ᠵᠠᠰᠠᠬᠤ ᠠᠵᠢᠯ ᠤᠨ ᠰᠢᠰᠲ᠋ᠧᠮᠵᠢ ᠶᠢ | ᠪᠠᠶᠢᠭᠤᠯᠤᠨ᠎ᠠ᠃ | ᠬᠥᠲᠥᠯᠥᠭᠴᠢ᠄ ᠵᠡᠭᠡᠯᠢ ᠭᠤᠳᠤᠮᠵᠢ ᠶᠢᠨ ᠣᠳᠣᠬᠠᠨ ᠤ ᠰᠦᠯᠵᠢᠶᠡᠨ ᠤ ᠨᠠᠮ ᠤᠨ ᠪᠠᠶᠢᠭᠤᠯᠤᠯᠲᠠ ᠶᠢᠨ | ᠠᠵᠢᠯ ᠢ ᠠᠬᠢᠭᠤᠯᠵᠤ ᠪᠠᠶᠢᠭ᠎ᠠ ᠪᠠᠶᠢᠳᠠᠯ ᠢ ᠲᠠᠨᠢᠯᠴᠠᠭᠤᠯᠤᠭᠠᠳ ᠥᠭᠭᠦᠨ᠎ᠡ ᠤᠤ︖ | ᠰᠤᠷᠪᠤᠯᠵᠢᠯᠠᠭ᠎ᠠ ᠬᠦᠯᠢᠶᠡᠭᠰᠡᠨ ᠵᠤᠴᠢᠨ ᠳ᠋ᠠᠨ ᠬᠠᠢ ᠹᠧᠩ᠄ ᠡᠨᠡ ᠵᠢᠯ ᠤᠨ ᠲᠣᠣᠷ ᠤᠨ ᠨᠠᠮ ᠤᠨ | ᠪᠠᠶᠢᠭᠤᠯᠤᠯᠲᠠ ᠶᠢᠨ ᠠᠵᠢᠯ ᠢ ᠥᠷᠨᠢᠭᠦᠯᠦᠭᠰᠡᠨ ᠠᠴᠠ ᠨᠠᠰᠢ᠂ ᠰᠢᠨᠵᠢᠯᠡᠬᠦ ᠤᠬᠠᠭᠠᠨ ᠵᠠᠮ ᠵᠡᠭᠡᠯᠢ ᠭᠤᠳᠤᠮᠵᠢ ᠨᠢ | ᠴᠢᠩᠱᠠᠨ ᠲᠣᠭᠤᠷᠢᠭ ᠤᠨ ︽241︾ ᠬᠤᠲᠠ ᠶᠢᠨ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢᠨ | ᠠᠵᠢᠯ ᠤᠨ ᠬᠠᠮᠢᠶᠠᠷᠤᠯᠲᠠ ᠶᠢᠨ ᠰᠢᠰᠲ᠋ᠧᠮ ᠢᠶᠠᠷ ᠵᠢᠯᠣᠭᠤᠳᠤᠯᠭ᠎ᠠ ᠪᠤᠯᠭᠠᠵᠦ᠂ ᠨᠠᠮ ᠤᠨ ᠪᠠᠶᠢᠭᠤᠯᠤᠯᠲᠠ ᠶᠢᠨ ᠠᠵᠢᠯ | ᠪᠣᠯᠤᠨ ᠲᠣᠤᠷ ᠰᠦᠯᠵᠢᠶ᠎ᠡ ᠶᠢᠨ ᠠᠵᠢᠯ ᠢ ᠤᠯᠠᠮ ᠨᠢᠭᠡ ᠠᠯᠬᠤᠮ ᠠᠭᠤᠰᠤᠯᠴᠠᠭᠤᠯᠵᠦ᠂ ᠰᠦᠯᠵᠢᠶᠡᠨ ᠤ ᠨᠠᠮ ᠤᠨ | ᠪᠠᠶᠢᠭᠤᠯᠤᠯᠲᠠ ᠶᠢᠨ ᠠᠵᠢᠯ ᠤᠨ ᠰᠢᠨ᠎ᠡ ᠵᠠᠭᠪᠤᠷ ᠢ ᠢᠳᠡᠪᠬᠢᠲᠡᠶ ᠥᠷᠨᠢᠭᠦᠯᠵᠦ᠂ ᠨᠡᠶᠢᠭᠡᠮ ᠲᠣᠭᠤᠷᠢᠭ ᠤᠨ | ᠨᠠᠷᠢᠯᠢᠬᠵᠢᠭᠤᠯᠤᠨ ᠵᠠᠰᠠᠬᠤ ᠶᠢ ᠪᠦᠲᠦᠮᠵᠢᠲᠡᠶ ᠠᠬᠢᠭᠤᠯᠤᠨ᠎ᠠ᠃ | ᠨᠢᠭᠡ ᠳᠤ ᠵᠦᠶ ᠵᠣᠬᠢᠰᠲᠠᠶ ᠲᠣᠬᠢᠷᠠᠭᠤᠯᠵᠤ᠂ ᠲᠣᠤᠷᠵᠢᠭᠤᠯᠤᠭᠰᠠᠨ ᠵᠣᠬᠢᠶᠠᠨ ᠪᠠᠶᠢᠭᠤᠯᠤᠯᠲᠠ ᠶᠢᠨ | ᠰᠢᠰᠲ᠋ᠧᠮᠵᠢ ᠶᠢᠨ ᠪᠣᠷᠣ ᠲᠥᠯᠥᠪ ᠢ ᠪᠦᠷᠢᠨᠰᠢᠭᠦᠯᠦᠨ᠎ᠡ᠃ ᠨᠡᠶᠢᠭᠡᠮ ᠲᠣᠭᠤᠷᠢᠭ ᠤᠨ ᠬᠠᠷᠢᠶ᠎ᠠ ᠬᠡᠪᠴᠢᠶ᠎ᠡ᠂ ᠰᠠᠭᠤᠭ᠎ᠠ | ᠬᠥᠮᠦᠨ ᠤ ᠬᠥᠮᠦᠨ ᠠᠮᠠ ᠶᠢᠨ ᠲᠤᠭ᠎ᠠ᠂ ᠲᠣᠣᠷᠯᠢᠭ ᠨᠠᠮ ᠤᠨ ᠭᠡᠰᠢᠭᠦᠨ ᠤ ᠲᠤᠭ᠎ᠠ᠂ ᠠᠵᠢᠯ ᠨᠢ ᠬᠢᠯᠪᠠᠷ ᠪᠤᠰᠤ ᠵᠡᠷᠭᠡ | ᠪᠠᠶᠢᠳᠠᠯ ᠢ ᠦᠨᠳᠦᠰᠦᠯᠡᠵᠦ᠂ ︽1 ᠡᠭᠦᠷ ᠤᠨ ᠬᠠᠷᠠᠭᠠᠯᠵᠠᠭᠰᠠᠨ N ᠲᠣᠣᠷᠯᠢᠭ︾᠂ ︽N ᠡᠭᠦᠷ ᠤᠨ ᠬᠠᠷᠠᠭᠠᠯᠵᠠᠭᠰᠠᠨ | 1 ᠲᠣᠣᠷᠯᠢᠭ︾᠂ ︽1 ᠡᠭᠦᠷ ᠤᠨ ᠬᠠᠷᠠᠭᠠᠯᠵᠠᠭᠰᠠᠨ 1 ᠲᠣᠣᠷᠯᠢᠭ︾ ᠭᠡᠬᠦ ᠭᠤᠷᠪᠠᠨ ᠵᠦᠢᠯ ᠤᠨ ᠵᠠᠭᠪᠤᠷ ᠢ ᠠᠪᠴᠤ᠂ | ᠨᠡᠶᠢᠭᠡᠮ ᠲᠣᠭᠤᠷᠢᠭ ᠤᠨ ᠨᠠᠮ ᠤᠨ ᠵᠣᠬᠢᠶᠠᠨ ᠪᠠᠶᠢᠭᠤᠯᠤᠯᠲᠠ ᠪᠠ ᠲᠣᠤᠷᠯᠢᠭ ᠢ ᠵᠣᠬᠢᠰᠲᠠᠶ ᠨᠡᠶᠢᠳᠬᠡᠨ | ᠬᠤᠪᠢᠶᠠᠷᠢᠯᠠᠵᠦ᠂ ᠠᠭᠤᠰᠤᠯᠴᠠᠭᠤᠯᠤᠨ ᠵᠤᠬᠢᠴᠠᠭᠤᠯᠵᠦ᠂ ᠲᠣᠬᠢᠷᠠᠭᠤᠯᠤᠯᠲᠠ ᠬᠢᠭᠰᠡᠨ ᠤ ᠳᠠᠷᠠᠭ᠎ᠠ ᠣᠳᠣ ᠵᠡᠭᠡᠯᠢ | ᠭᠤᠳᠤᠮᠵᠢ ᠳᠤ ᠪᠠᠶᠢᠭ᠎ᠠ ᠨᠡᠶᠢᠭᠡᠮ ᠲᠣᠭᠤᠷᠢᠭ ᠤᠨ ᠪᠠᠶᠢᠭᠤᠯᠤᠮᠵᠢ ᠶᠢᠨ ᠴᠢᠨᠠᠷᠲᠠᠶ ᠰᠠᠭᠤᠭᠠᠯᠢ ᠠᠷᠠᠳ ᠤᠨ ᠨᠠᠮ ᠤᠨ | ᠡᠭᠦᠷ 50 ᠪᠠᠶᠢᠵᠤ᠂ ᠪᠠᠶᠢᠭᠤᠯᠤᠯᠲᠠ ᠪᠤᠰᠤ ᠰᠦᠯᠵᠢᠶᠡᠨ ᠤ ᠭᠦᠢᠴᠡᠳᠬᠡᠬᠦ ᠨᠠᠮ ᠤᠨ ᠳᠤᠭᠤᠶᠢᠯᠠᠩ 81 ᠪᠠᠶᠢᠭᠤᠯᠵᠤ᠂ | ᠪᠠᠶᠢᠭᠤᠯᠤᠯᠲᠠ ᠪᠤᠰᠤ ᠨᠠᠮ ᠤᠨ ᠡᠭᠦᠷ 9 ᠪᠠᠶᠢᠭᠤᠯᠵᠤ᠂ ᠨᠠᠮ ᠤᠨ ᠵᠣᠬᠢᠶᠠᠨ ᠪᠠᠶᠢᠭᠤᠯᠤᠯᠲᠠ ᠶᠢᠨ ᠪᠦᠬᠦᠨ ᠢ | ᠬᠠᠮᠤᠷᠬᠤ ᠶᠢ ᠪᠡᠶᠡᠯᠡᠭᠦᠯᠦᠨ᠎ᠡ᠃ ᠬᠤᠶᠠᠷ ᠲᠤ ᠭᠦᠨᠵᠡᠭᠡᠶ ᠤᠬᠠᠭᠤᠯᠵᠤ᠂ ᠣᠯᠠᠨ ᠲᠦᠮᠡᠨ ᠤ ᠭᠤᠤᠯ ᠴᠣᠭᠴᠠ ᠶᠢᠨ | ᠦᠢᠯᠡᠳᠦᠯ ᠢ ᠪᠠᠳᠠᠷᠠᠭᠤᠯᠬᠤ ᠶᠢ ᠥᠷᠭᠡᠨ ᠢᠶᠠᠷ ᠳᠠᠶᠢᠴᠢᠯᠠᠬᠤ ᠬᠡᠷᠡᠭᠲᠡᠶ᠃ ᠨᠡᠶᠢᠭᠡᠮ ᠲᠣᠭᠤᠷᠢᠭ ᠨᠢᠭᠡᠪᠦᠷᠢ | ᠲᠣᠬᠢᠷᠠᠭᠤᠯᠤᠯᠲᠠ ᠬᠢᠭᠰᠡᠨ ᠤ ᠳᠠᠷᠠᠭᠠᠬᠢ ᠨᠠᠮ ᠤᠨ ᠪᠠᠶᠢᠭᠤᠯᠤᠯᠲᠠ ᠶᠢᠨ ᠰᠦᠯᠵᠢᠶ᠎ᠡ ᠶᠣᠰᠣᠭᠠᠷ ᠰᠢᠨ᠎ᠡ | ᠰᠦᠯᠵᠢᠶᠡᠨ ᠤ ᠨᠠᠮ ᠤᠨ ᠪᠠᠶᠢᠭᠤᠯᠤᠯᠲᠠ ᠶᠢᠨ ᠭᠠᠵᠠᠷ ᠤᠨ ᠵᠢᠷᠤᠭ ᠢ ᠵᠢᠷᠤᠵᠤ᠂ ᠨᠡᠶᠢᠭᠡᠮ ᠲᠣᠭᠤᠷᠢᠭ ᠤᠨ ᠲᠣᠣᠷ | ᠰᠦᠯᠵᠢᠶᠡᠨ ᠤ ᠪᠦᠲᠦᠴᠡ ᠶᠢᠨ ᠵᠢᠷᠤᠭ ᠢ ᠪᠠᠶᠢᠭᠤᠯᠵᠤ᠂ ᠪᠠᠰᠠ ᠰᠦᠯᠵᠢᠶᠡᠨ ᠤ ᠨᠠᠮ ᠤᠨ ᠡᠭᠦᠷ ᠪᠠ ᠬᠡᠷᠡᠭᠵᠢᠭᠦᠯᠬᠦ | ᠨᠠᠮ ᠤᠨ ᠳᠤᠭᠤᠶᠢᠯᠠᠩ ᠤᠨ ᠬᠥᠮᠦᠰ ᠤᠨ ᠨᠡᠷᠡᠰ ᠢ ᠲᠤᠭᠲᠠᠭᠠᠵᠦ᠂ ᠨᠡᠶᠢᠭᠡᠮ ᠲᠣᠭᠤᠷᠢᠭ ᠤᠨ ᠤᠬᠠᠭᠤᠯᠭ᠎ᠠ ᠶᠢᠨ | ᠪᠤᠯᠤᠩ᠂ ᠠᠰᠠᠷ ᠤᠨ ᠤᠬᠠᠭᠤᠯᠭ᠎ᠠ ᠶᠢᠨ ᠪᠤᠯᠤᠩ ᠵᠡᠷᠭᠡ ᠭᠠᠵᠠᠷ ᠲᠤ ᠨᠠᠭᠠᠵᠦ᠂ ᠲᠣᠤᠷᠯᠢᠭ ᠨᠠᠮ ᠤᠨ ᠡᠭᠦᠷ ᠤᠨ | ᠱᠦᠵᠢ᠂ ᠲᠣᠤᠷᠯᠢᠭ ᠬᠡᠷᠡᠭᠵᠢᠭᠦᠯᠬᠦ ᠨᠠᠮ ᠤᠨ ᠳᠤᠭᠤᠶᠢᠯᠠᠩ ᠤᠨ ᠳᠠᠷᠤᠭ᠎ᠠ᠂ ᠪᠦᠷᠢᠯᠳᠦᠭᠦᠨ ᠵᠢᠴᠢ ᠲᠣᠤᠷᠯᠠᠭᠴᠢ ᠶᠢᠨ | ᠬᠠᠮᠢᠶᠠᠷᠬᠤ ᠬᠦᠷᠢᠶ᠎ᠡ ᠬᠡᠪᠴᠢᠶ᠎ᠡ᠂ ᠡᠷᠦᠬᠡ ᠶᠢᠨ ᠲᠤᠭ᠎ᠠ᠂ ᠬᠥᠮᠦᠨ ᠤ ᠲᠤᠭ᠎ᠠ᠂ ᠭᠡᠷᠡᠯ ᠵᠢᠷᠤᠭ᠂ ᠣᠪᠣᠭ ᠨᠡᠷ᠎ᠡ᠂ | ᠬᠠᠷᠢᠯᠴᠠᠬᠤ ᠤᠲᠠᠰᠤ ᠵᠡᠷᠭᠡ ᠦᠨᠳᠦᠰᠦᠨ ᠮᠡᠳᠡᠭᠡ ᠵᠠᠩᠭᠢ ᠶᠢ ᠨᠡᠶᠢᠲᠡᠯᠡᠵᠦ᠂ ᠤᠯᠠᠨ ᠲᠦᠮᠡᠨ ᠤ ᠮᠡᠳᠡᠬᠦ ᠨᠤᠷᠮ᠎ᠠ ᠪᠠ | ᠣᠷᠣᠯᠴᠠᠬᠤ ᠨᠤᠷᠮ᠎ᠠ ᠶᠢ ᠪᠦᠲᠦᠮᠵᠢᠲᠡᠶ ᠳᠡᠭᠡᠭᠰᠢᠯᠡᠭᠦᠯᠪᠡ᠃ ᠭᠤᠷᠪᠠ ᠳᠤ ᠲᠣᠭᠲᠠᠴᠠ ᠶᠢ ᠪᠠᠶᠢᠭᠤᠯᠵᠤ᠂ ᠨᠠᠮ ᠤᠨ | ᠪᠠᠶᠢᠭᠤᠯᠤᠯᠲᠠ ᠶᠢᠨ ᠦᠢᠯᠡᠴᠢᠯᠡᠭᠡᠨ ᠤ ᠬᠦᠷᠦᠯᠴᠡᠬᠦ ᠲᠠᠯ᠎ᠠ ᠶᠢ ᠤᠯᠠᠮ ᠨᠢᠭᠡ ᠠᠯᠬᠤᠮ ᠤᠷᠲᠤᠳᠬᠠᠨ᠎ᠠ᠃ ︽ᠳᠥᠷᠪᠡᠨ | ᠱᠠᠲᠤ ᠶᠢ ᠳᠠᠭᠠᠵᠤ᠂ ᠭᠤᠷᠪᠠ ᠶᠢ ᠡᠷᠲᠡ ᠨᠠᠶᠢᠳᠠᠪᠤᠷᠢᠵᠢᠭᠤᠯᠬᠤ︾ ᠠᠵᠢᠯ ᠤᠨ ᠲᠣᠭᠲᠠᠴᠠ ᠶᠢ ᠪᠠᠶᠢᠭᠤᠯᠵᠦ᠂ ︵ᠳᠠᠷᠤᠶ | ︽ᠨᠡᠶᠢᠭᠡᠮ ᠲᠣᠭᠤᠷᠢᠭ ᠤᠨ ᠨᠠᠮ ᠤᠨ ᠬᠤᠷᠢᠶᠠᠨ ᠤ ᠶᠡᠷᠦᠩᠬᠡᠶᠢᠯᠡᠭᠴᠢ᠂ ᠪᠦᠬᠦ ᠲᠠᠯ᠎ᠠ ᠪᠠᠷ ᠬᠠᠷᠢᠭᠤᠴᠠᠵᠦ᠂ ᠲᠣᠣᠷᠯᠢᠭ ᠢ | ᠬᠡᠷᠡᠭᠵᠢᠭᠦᠯᠬᠦ ᠨᠠᠮ ᠤᠨ ᠳᠤᠭᠤᠶᠢᠯᠠᠩ ᠲᠦᠷᠭᠡᠨ ᠵᠣᠬᠢᠴᠠᠭᠤᠯᠵᠤ᠂ ᠵᠣᠬᠢᠰᠲᠠᠶ ᠰᠢᠢᠳᠪᠦᠷᠢᠯᠠᠵᠦ᠂ ᠲᠣᠤᠷᠯᠠᠭᠴᠢ ᠪᠠ | ᠡᠭᠦᠷ ᠤᠨ ᠱᠦᠵᠢ ᠦᠷᠭᠦᠯᠵᠢ ᠨᠡᠪᠲᠡᠷᠡᠯᠴᠡᠵᠦ᠂ ᠢᠯᠡᠭᠦᠬᠡᠨ ᠬᠠᠮᠵᠢᠯᠴᠠᠵᠤ᠂ ᠰᠠᠭᠤᠭᠠᠯᠢ ᠠᠷᠠᠳ᠂ ᠬᠠᠷᠢᠶ᠎ᠠ ᠳᠠᠬᠢ | ᠨᠢᠭᠡᠴᠡ ᠵᠡᠷᠭᠡ ᠨᠢ ᠠᠰᠠᠭᠤᠳᠠᠯ ᠡᠷᠢᠵᠦ᠂ ᠠᠷᠭ᠎ᠠ ᠤᠬᠠᠭᠠᠨ ᠭᠠᠷᠭᠠᠬᠤ︾ ᠳᠥᠷᠪᠡᠨ ᠳᠡᠰ ᠤᠨ ᠴᠤᠤᠷᠢᠶᠠᠲᠤᠨ | ᠳᠠᠭᠠᠵᠤ᠂ ᠠᠰᠠᠭᠤᠳᠠᠯ ᠲᠤᠯᠭᠠᠷᠠᠪᠠᠯ ︽ᠡᠷᠲᠡ ᠢᠯᠡᠷᠡᠭᠦᠯᠵᠦ᠂ ᠡᠷᠲᠡ ᠵᠣᠬᠢᠴᠠᠭᠤᠯᠵᠤ᠂ ᠡᠷᠲᠡ ᠰᠢᠢᠳᠪᠦᠷᠢᠯᠡᠬᠦ︾ | ᠭᠤᠷᠪᠠᠨᠡᠷᠲᠡ ᠨᠠᠶᠢᠳᠠᠪᠤᠷᠢᠵᠢᠭᠤᠯᠬᠤ ᠬᠡᠷᠡᠭᠲᠡᠶ︶᠂ ᠬᠠᠷᠢᠶ᠎ᠠ ᠳᠠᠬᠢ ᠬᠥᠮᠦᠨ ᠤ ᠬᠦᠴᠦᠨ᠂ ᠡᠳ᠋ ᠤᠨ ᠬᠦᠴᠦᠨ᠂ | ᠪᠣᠳᠠᠰ ᠤᠨ ᠬᠦᠴᠦᠨ ᠵᠢᠴᠢ ᠮᠡᠳᠡᠭᠡ ᠵᠠᠩᠭᠢ᠂ ᠣᠶᠤᠨ ᠤ ᠡᠬᠢ ᠪᠠᠶᠠᠯᠢᠭ ᠢ ᠪᠦᠲᠦᠮᠵᠢᠲᠡᠶ ᠪᠠᠷ ᠣᠷᠭᠠᠨᠢᠭ ᠢᠶᠠᠷ | ᠨᠡᠶᠢᠯᠡᠭᠦᠯᠵᠦ᠂ ᠠᠰᠠᠭᠤᠳᠠᠯ ᠢ ᠢᠯᠡᠷᠡᠭᠦᠯᠬᠦ ᠳᠤ ᠲᠣᠤᠷ ᠲᠤ ᠪᠠᠶᠢᠬᠤ᠂ ᠠᠰᠠᠭᠤᠳᠠᠯ ᠢ ᠰᠢᠢᠳᠪᠦᠷᠢᠯᠡᠬᠦ ᠳᠤ ᠲᠣᠤᠷ ᠲᠤ | ᠪᠠᠶᠢᠬᠤ᠂ ᠨᠠᠮ ᠤᠨ ᠵᠣᠬᠢᠶᠠᠨ ᠪᠠᠶᠢᠭᠤᠯᠤᠯᠲᠠ ᠶᠢᠨ ᠨᠠᠮ ᠤᠨ ᠭᠡᠰᠢᠭᠦᠨ ᠦᠢᠯᠡᠳᠦᠯ ᠢᠶᠠᠨ ᠪᠠᠳᠠᠷᠠᠭᠤᠯᠬᠤ ᠳᠤ | ᠲᠣᠤᠷ ᠲᠤ ᠪᠠᠶᠢᠬᠤ ᠶᠢ ᠪᠡᠶᠡᠯᠡᠭᠦᠯᠦᠨ᠎ᠡ᠃ | ᠲᠣᠣᠷᠯᠢᠭ ᠨᠠᠮ ᠤᠨ ᠪᠠᠶᠢᠭᠤᠯᠤᠯᠲᠠ ᠶᠢᠨ ᠠᠵᠢᠯ ᠢ ᠦᠷᠨᠢᠭᠦᠯᠵᠦ᠂ ᠦᠢᠯᠡᠴᠢᠯᠡᠭᠡᠨ ᠢ ᠦᠨᠡᠨᠬᠦ | ᠪᠦᠲᠦᠮᠵᠢᠲᠡᠶ ᠪᠠᠷ ᠰᠠᠭᠤᠭᠠᠯᠢ ᠲᠣᠭᠤᠷᠢᠭ ᠤᠨ ᠠᠮᠤᠷ ᠢ ᠬᠠᠮᠠᠭᠠᠯᠠᠬᠤ᠂ ᠣᠷᠴᠢᠨ ᠲᠤᠭᠤᠷᠢᠨ ᠢ ᠴᠡᠭᠴᠡᠯᠡᠨ ᠵᠠᠰᠠᠬᠤ | ᠵᠢᠴᠢ ᠬᠥᠮᠦᠨ ᠠᠮᠠ ᠶᠢᠨ ᠲᠤᠭ᠎ᠠ ᠪᠦᠷᠢᠳᠬᠡᠯ ᠵᠡᠷᠭᠡ ᠠᠷᠠᠳ ᠲᠤ ᠦᠢᠯᠡᠴᠢᠯᠡᠬᠦ ᠶᠠᠪᠤᠳᠠᠯ ᠳᠤ ᠬᠦᠷᠭᠡᠬᠦ᠂ ᠢᠯᠠᠩᠭᠤᠶ᠎ᠠ | ᠬᠤᠲᠠ ᠶᠢ ᠴᠣᠭᠴᠠᠯᠠᠬᠤ᠂ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠵᠡᠷᠭᠡ ᠠᠵᠢᠯ ᠤᠨ ᠳᠤᠮᠳᠠ ᠬᠠᠷᠢᠶ᠎ᠠ ᠳᠠᠬᠢ | ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ︽ᠥᠪᠡᠷ ᠤᠨ ᠡᠭᠦᠳᠡᠨ ᠤ ᠪᠠᠨ ᠡᠮᠦᠨ᠎ᠡ ᠴᠠᠰᠤ ᠠᠷᠢᠯᠭᠠᠬᠤ︾ | ᠪᠠᠶᠢᠳᠠᠯ ᠢ ᠡᠪᠳᠡᠵᠦ᠂ ᠨᠡᠶᠢᠭᠡᠮ ᠤᠨ ᠣᠷᠣᠯᠴᠠᠬᠤ ᠬᠡᠮᠵᠢᠶ᠎ᠡ ᠶᠢ ᠳᠡᠭᠡᠭᠰᠢᠯᠡᠭᠦᠯᠵᠦ᠂ ︽ᠲᠣᠤᠷᠴᠢᠨ + ᠡᠭᠦᠷᠭᠡ | ᠴᠢᠳᠠᠪᠤᠷᠢᠲᠤ ᠰᠠᠯᠠᠭ᠎ᠠ ᠮᠥᠴᠢᠷ︾ ᠤᠨ ᠳᠠᠪᠬᠤᠴᠠᠯ ᠦᠢᠯᠡᠳᠦᠯ ᠢ ᠪᠦᠷᠢᠯᠳᠦᠭᠦᠯᠵᠡᠶ᠃ ᠭᠡᠪᠡᠴᠦ ᠡᠨᠡ ᠠᠵᠢᠯ | ᠣᠳᠣᠬᠠᠨ ᠳᠤ ᠮᠥᠨ ᠮᠠᠰᠢ ᠤᠯᠠᠨ ᠬᠦᠷᠦᠯᠴᠡᠬᠦ ᠦᠭᠡᠢ ᠲᠠᠯ᠎ᠠ ᠣᠷᠣᠰᠢᠵᠤ᠂ ᠥᠷᠭᠡᠨ ᠤᠯᠠᠨ ᠰᠠᠭᠤᠭᠠᠯᠢ ᠠᠷᠠᠳ | ᠪᠠ ᠨᠡᠶᠢᠭᠡᠮ ᠤᠨ ᠡᠯ᠎ᠡ ᠡᠲᠡᠭᠡᠳ ᠤᠨ ᠬᠥᠮᠦᠰ ᠪᠢᠳᠡᠨ ᠳᠤ ᠨᠡᠩ ᠰᠠᠶᠢᠨ ᠰᠠᠨᠠᠯ ᠰᠠᠨᠠᠭᠤᠯᠭ᠎ᠠ ᠳᠤᠷᠠᠳᠴᠤ᠂ | ᠪᠢᠳᠡᠨ ᠢ ᠬᠠᠪᠰᠤᠷᠤᠨ ᠲᠠᠰᠤᠷᠠᠯᠳᠠ ᠦᠭᠡᠢ ᠳᠠᠪᠰᠢᠭᠤᠯᠬᠤ ᠶᠢ ᠬᠦᠰᠡᠵᠦ ᠪᠠᠶᠢᠨ᠎ᠠ᠃ | ᠬᠥᠲᠥᠯᠥᠭᠴᠢ᠄ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠥᠷᠥᠯ ᠵᠦᠢᠯ ᠢ ᠠᠬᠢᠭᠤᠯᠤᠭᠰᠠᠨ | ᠪᠠᠶᠢᠳᠠᠯ ᠢ ᠲᠠᠨᠢᠯᠴᠠᠭᠤᠯᠤᠭᠠᠳ ᠥᠭᠭᠦᠨ᠎ᠡ ᠤᠤ︖ | ᠰᠤᠷᠪᠤᠯᠵᠢᠯᠠᠭ᠎ᠠ ᠬᠦᠯᠢᠶᠡᠭᠰᠡᠨ ᠵᠤᠴᠢᠨ ᠳ᠋ᠠᠨ ᠬᠠᠢ ᠹᠧᠩ᠄ 2020 ᠣᠨ ᠳᠤ᠂ ᠰᠢᠨᠵᠢᠯᠡᠬᠦ ᠤᠬᠠᠭᠠᠨ ᠵᠠᠮ | ᠵᠡᠭᠡᠯᠢ ᠭᠤᠳᠤᠮᠵᠢ ᠨᠢ ᠠᠷᠠᠳ ᠤᠨ ᠠᠮᠢᠳᠤᠷᠠᠯ ᠤᠨ ᠬᠡᠷᠡᠭᠴᠡᠭᠡ ᠪᠠᠷ ᠤᠳᠤᠷᠢᠳᠤᠮᠵᠢ ᠪᠣᠯᠭᠠᠵᠤ᠂ ᠰᠠᠭᠤᠭᠠᠯᠢ | ᠠᠷᠠᠳ ᠤᠨ ᠳᠡᠷᠭᠡᠳᠡᠬᠢ ᠪᠠᠭ᠎ᠠ ᠶᠠᠪᠤᠳᠠᠯ᠂ ᠬᠦᠴᠢᠷ ᠶᠠᠪᠤᠳᠠᠯ᠂ ᠪᠠᠴᠢᠮ ᠶᠠᠪᠤᠳᠠᠯ ᠢ ᠦᠨᠡᠨᠬᠦ ᠰᠢᠢᠳᠪᠦᠷᠢᠯᠡᠵᠦ᠂ | ᠬᠠᠭᠤᠴᠢᠨ ᠰᠠᠭᠤᠭᠠᠯᠢ ᠲᠣᠭᠤᠷᠢᠭ ᠤᠨ ︽ᠪᠢᠴᠢᠯ ᠥᠭᠡᠷᠡᠴᠢᠯᠡᠯᠲᠡ︾᠂ ᠰᠡᠯᠡᠭᠦᠴᠡᠯ ᠤᠨ ᠠᠵᠢᠯᠯᠠᠭᠠᠨ ᠤ | ᠪᠡᠯᠡᠳᠬᠡᠮᠵᠢ ᠶᠢᠨ ᠪᠥᠲᠥᠭᠡᠨ ᠪᠠᠶᠢᠭᠤᠯᠤᠯᠲᠠ᠂ ᠬᠤᠪᠠᠭ᠋ᠠᠶᠢᠷᠠᠵᠤ ᠥᠭᠦᠭᠰᠡᠨ ᠮᠣᠳᠣ ᠶᠢ ᠰᠡᠯᠪᠢᠨ ᠵᠠᠰᠠᠬᠤ᠂ ᠬᠠᠭᠤᠴᠢᠨ | ᠰᠠᠭᠤᠭᠠᠯᠢ ᠲᠣᠭᠤᠷᠢᠭ ᠤᠨ ᠠᠮᠤᠷ ᠲᠦᠪᠰᠢᠨ ᠤ ᠪᠠᠶᠢᠭᠤᠯᠤᠯᠲᠠ᠂ ᠰᠢᠨ᠎ᠡ ᠴᠠᠭ ᠦᠶ᠎ᠡ ᠶᠢᠨ ᠪᠣᠯᠪᠠᠰᠤᠨ | ᠦᠢᠯᠡᠳᠦᠯᠭᠡ ᠶᠢᠨ ᠪᠡᠶ᠎ᠡ ᠴᠢᠭᠢᠷᠠᠭᠵᠢᠭᠤᠯᠬᠤ ᠲᠠᠯᠠᠪᠠᠶ ᠶᠢᠨ ᠪᠥᠲᠥᠭᠡᠨ ᠪᠠᠶᠢᠭᠤᠯᠤᠯᠲᠠ᠂ ᠴᠡᠷᠢᠭ ᠠᠴᠠ | ᠬᠠᠯᠠᠭᠳᠠᠭᠰᠠᠳ ᠤᠨ ᠦᠢᠯᠡᠴᠢᠯᠡᠭᠡᠨ ᠤ ᠥᠷᠲᠡᠭᠡ ᠪᠠᠶᠢᠭᠤᠯᠬᠤ 6 ᠠᠷᠠᠳ ᠤᠨ ᠠᠮᠢᠳᠤᠷᠠᠯ ᠤᠨ ᠪᠣᠳᠠᠲᠤ | ᠶᠠᠪᠤᠳᠠᠯ ᠤᠨ ᠲᠥᠷᠥᠯ ᠵᠦᠢᠯ ᠢ ᠲᠣᠭᠲᠠᠭᠠᠨ ᠬᠡᠷᠡᠭᠵᠢᠭᠦᠯᠵᠦ᠂ ᠨᠡᠶᠢᠲᠡ 51 ᠲᠦᠮᠡᠨ ᠲᠥᠭᠦᠷᠢᠭ ᠤᠨ ᠪᠡᠯᠡ | ᠣᠷᠣᠭᠤᠯᠵᠤ᠂ ᠣᠳᠣ ᠪᠣᠯᠲᠠᠯ᠎ᠠ ᠪᠦᠬᠦᠨ ᠢ ᠪᠡᠶᠡᠯᠡᠭᠦᠯᠪᠡ᠃ ᠡᠭᠦᠨ ᠳᠤ᠂ ᠬᠠᠭᠤᠴᠢᠨ ᠰᠠᠭᠤᠭᠠᠯᠢ ᠲᠣᠭᠤᠷᠢᠭ ᠤᠨ | ︽ᠪᠢᠴᠢᠯ ᠥᠭᠡᠷᠡᠴᠢᠯᠡᠯᠲᠡ︾ ᠶᠢᠨ ᠲᠥᠷᠥᠯ ᠵᠦᠢᠯ ᠳᠤ᠂ ᠰᠠᠭᠤᠭᠠᠯᠢ ᠠᠷᠠᠳ ᠤᠨ ᠰᠠᠭᠤᠭᠠᠯᠢ ᠲᠣᠭᠤᠷᠢᠭ ᠲᠤ 33 | ᠭᠠᠯ ᠤᠨᠲᠠᠷᠠᠭᠠᠬᠤ ᠵᠠᠮ ᠭᠠᠷᠭᠠᠵᠤ᠂ 2 ᠪᠤᠯᠠᠭᠠᠷᠢ ᠤᠭᠰᠠᠷᠠᠵᠤ᠂ 90 ᠵᠢᠵᠢᠭ ᠲᠣᠭᠤᠷᠢᠭ ᠤᠨ ᠲᠡᠷᠭᠡ ᠵᠣᠭᠰᠣᠬᠤ | ᠪᠠᠶᠢᠷᠢ ᠭᠠᠷᠭᠠᠵᠤ᠂ 84 ᠵᠢᠵᠢᠭ ᠲᠣᠭᠤᠷᠢᠭ ᠤᠨ ᠡᠪᠳᠡᠭᠳᠡᠭᠰᠡᠨ ᠪᠣᠬᠢᠷ ᠤᠰᠤᠨ ᠤ ᠬᠤᠳᠳᠤᠭ ᠤᠨ ᠪᠦᠷᠬᠦᠭᠡᠰᠦ ᠶᠢ | ᠰᠣᠯᠢᠵᠤ᠂ ᠬᠠᠷᠢᠶ᠎ᠠ ᠳᠠᠬᠢ ᠬᠡᠰᠡᠭ ᠡᠪᠳᠡᠭᠳᠡᠭᠰᠡᠨ ᠵᠠᠮ ᠤᠨ ᠭᠠᠳᠠᠷᠭᠤ ᠶᠢ 500 ᠭᠠᠷᠤᠶ ᠰᠡᠯᠪᠢᠨ ᠵᠠᠰᠠᠪᠠ︔ | ︽ᠰᠠᠭᠤᠭᠠᠯᠢ ᠠᠷᠠᠳ ᠰᠡᠯᠡᠭᠦᠴᠡᠯ ᠤᠨ ᠠᠵᠢᠯᠯᠠᠭᠠᠨ ᠤ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ | ᠬᠠᠮᠲᠤ ᠪᠠᠷ ᠡᠳ᠋ᠯᠡᠬᠦ︾ ᠲᠥᠷᠥᠯ ᠵᠦᠢᠯ᠂ ᠬᠠᠷᠢᠶ᠎ᠠ ᠳᠠᠬᠢ ᠳᠣᠲᠣᠷᠠᠬᠢ ᠨᠠᠰᠤᠲᠠᠶᠢᠴᠤᠳ ᠤᠨ ᠬᠡᠷ ᠤᠨ ᠭᠠᠳᠠᠨᠠᠬᠢ | ᠬᠥᠳᠡᠯᠭᠡᠭᠡᠨ ᠤ ᠬᠡᠷᠡᠭᠴᠡᠭᠡ ᠶᠢ ᠬᠠᠩᠭᠠᠬᠤ ᠶᠢᠨ ᠲᠥᠯᠥᠭᠡ᠂ ᠬᠡᠷ ᠤᠨ ᠭᠠᠳᠠᠨᠠᠬᠢ 55 ᠰᠤᠯᠠ ᠰᠠᠨᠳᠠᠯᠢ ᠶᠢ | ᠤᠭᠰᠠᠷᠠᠵᠤ᠂ ᠴᠢᠯᠠᠭᠤᠨ ᠰᠢᠷᠡᠭᠡ ᠴᠢᠯᠠᠭᠤᠨ ᠰᠠᠨᠳᠠᠯᠢ 11 ᠢᠵᠢ ᠨᠡᠮᠡᠵᠦ᠂ ᠲᠠᠯᠠᠪᠠᠶ ᠶᠢᠨ ᠪᠡᠶ᠎ᠡ ᠴᠢᠭᠢᠷᠠᠭᠵᠢᠭᠤᠯᠬᠤ | ᠬᠥᠳᠡᠯᠭᠡᠭᠡᠨ ᠤ ᠲᠥᠬᠦᠭᠡᠷᠦᠮᠵᠢ ᠶᠢ 2 ᠢᠵᠢ ᠨᠡᠮᠡᠭᠳᠡᠭᠦᠯᠪᠡ︔ ᠬᠤᠪᠠᠭ᠋ᠠᠶᠢᠷᠠᠵᠤ ᠦᠬᠦᠭᠰᠡᠨ ᠮᠣᠳᠣ ᠶᠢ ᠵᠠᠰᠠᠵᠤ | ᠬᠠᠶᠢᠴᠢᠯᠠᠬᠤ ᠲᠥᠷᠥᠯ ᠵᠦᠢᠯ᠂ ᠬᠠᠭᠤᠴᠢᠨ ᠰᠠᠭᠤᠭᠠᠯᠢ ᠲᠣᠭᠤᠷᠢᠭ ᠤᠨ ᠣᠢ ᠮᠣᠳᠣᠨ ᠤ ᠭᠡᠷᠡᠯ ᠬᠠᠯᠬᠠᠯᠠᠬᠤ ᠵᠢᠴᠢ | ᠬᠠᠳᠠᠵᠤ ᠦᠬᠦᠭᠰᠡᠨ ᠣᠢ ᠮᠣᠳᠣᠨ ᠤ ᠠᠮᠤᠷ ᠲᠦᠪᠰᠢᠨ ᠤ ᠳᠠᠯᠳᠠ ᠭᠡᠮ ᠤᠨ ᠠᠰᠠᠭᠤᠳᠠᠯ ᠢ ᠪᠦᠲᠦᠮᠵᠢᠲᠡᠢ | ᠰᠢᠢᠳᠪᠦᠷᠢᠯᠡᠬᠦ ᠶᠢᠨ ᠲᠥᠯᠥᠭᠡ᠂ ᠨᠠᠷᠢᠨ ᠬᠢᠨᠠᠮᠠᠭᠠᠢ ᠪᠠᠶᠢᠴᠠᠭᠠᠯᠲᠠ ᠪᠠᠷ ᠳᠠᠮᠵᠢᠨ ᠰᠠᠭᠤᠭᠠᠯᠢ ᠠᠷᠠᠳ ᠲᠤ ᠨᠡᠶᠢᠲᠡ | 271 ᠰᠠᠭᠤᠷᠢ ᠣᠢ ᠮᠣᠳᠣ ᠶᠢ ᠬᠠᠶᠢᠴᠢᠯᠠᠵᠤ︔ ︽ᠬᠠᠭᠤᠴᠢᠨ ᠰᠠᠭᠤᠭᠠᠯᠢ ᠲᠣᠭᠤᠷᠢᠭ ᠤᠨ ᠠᠮᠤᠷ ᠠᠮᠤᠭᠤᠯᠠᠩ ᠤᠨ | ᠪᠥᠲᠥᠭᠡᠨ ᠪᠠᠶᠢᠭᠤᠯᠤᠯᠲᠠ︾ ᠶᠢᠨ ᠲᠥᠷᠥᠯ ᠵᠦᠢᠯ ᠳᠤ᠂ ᠬᠦᠴᠦᠷᠬᠡᠭ ᠵᠠᠮ ᠤᠨ ᠳᠤᠯᠤᠳᠤᠭᠠᠷ ᠵᠡᠭᠡᠯᠢ ᠭᠤᠳᠤᠮᠵᠢ ᠶᠢᠨ | 144 ᠨᠢᠭᠡᠴᠡ ᠳᠤ ᠲᠠᠮᠠᠬᠢ ᠲᠠᠲᠠᠬᠤ ᠰᠡᠷᠡᠯ ᠤᠨ ᠲᠦᠭᠰᠢᠭᠦᠷᠢ ᠮᠡᠳᠡᠭᠡᠯᠡᠬᠦ ᠮᠠᠰᠢᠨ 288 ᠤᠭᠰᠠᠷᠠᠪᠠ︔ ︽ᠰᠢᠨ᠎ᠡ | ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠪᠡᠶ᠎ᠡ ᠴᠢᠭᠢᠷᠠᠭᠵᠢᠭᠤᠯᠬᠤ ᠠᠭᠤᠳᠠᠮ ᠲᠠᠯᠠᠪᠠᠢ︾ ᠶᠢᠨ ᠲᠥᠷᠥᠯ | ᠵᠦᠢᠯ᠂ ᠬᠠᠷᠢᠶᠠᠲᠤ ᠣᠷᠣᠨ ᠤ ᠨᠠᠰᠤᠲᠠᠶᠢᠴᠤᠳ᠂ ᠵᠡᠮᠳᠡᠭᠴᠦᠳ ᠲᠤ ᠡᠷᠡᠭᠡᠯᠵᠡᠯ ᠤᠨ ᠹᠢᠽᠢᠺ ᠵᠠᠰᠠᠯ᠂ ᠡᠷᠡᠭᠦᠯ ᠮᠡᠨᠳᠦ | ᠶᠢᠨ ᠯᠠᠪᠯᠠᠭ᠎ᠠ ᠬᠠᠩᠭᠠᠬᠤ ᠶᠢᠨ ᠬᠠᠮᠲᠤ᠂ ᠭᠡᠷ ᠤᠨ ᠭᠠᠳᠠᠨᠠᠬᠢ ᠫᠢᠩᠫᠠᠩ ᠪᠥᠮᠪᠦᠭᠡ ᠶᠢᠨ ᠲᠠᠯᠠᠪᠤᠷ ᠤᠨ | ᠦᠭᠡᠷᠡᠴᠢᠯᠡᠯᠲᠡ ᠲᠠᠢ ᠤᠶᠠᠯᠳᠤᠭᠤᠯᠵᠤ᠂ ᠡᠷᠡᠭᠦᠯ ᠰᠠᠷᠠᠭᠤᠯ ᠨᠡᠶᠢᠭᠡᠮ ᠲᠣᠭᠤᠷᠢᠭ ᠢ ᠪᠠᠶᠢᠭᠤᠯᠤᠨ᠎ᠠ︔ ︽ᠴᠡᠷᠢᠭ ᠤᠨ | ᠠᠯᠪᠠ ᠠᠴᠠ ᠬᠠᠯᠠᠭᠳᠠᠭᠰᠠᠳ ᠤᠨ ᠦᠢᠯᠡᠴᠢᠯᠡᠭᠡᠨ ᠤ ᠥᠷᠲᠡᠭᠡ︾ ᠶᠢ ᠪᠠᠶᠢᠭᠤᠯᠵᠤ᠂ ᠴᠡᠷᠢᠭ ᠤᠨ ᠠᠯᠪᠠ ᠠᠴᠠ | ᠬᠠᠯᠠᠭᠳᠠᠭᠰᠠᠳ ᠤᠨ ᠦᠢᠯᠡᠴᠢᠯᠡᠭᠡᠨ ᠤ ᠰᠢᠰᠲ᠋ᠧᠮᠵᠢ ᠶᠢᠨ ᠪᠠᠶᠢᠭᠤᠯᠤᠯᠲᠠ ᠶᠢ ᠯᠠᠪᠳᠠᠭᠤᠨ ᠪᠠᠲᠤᠲᠠᠶ ᠠᠬᠢᠭᠤᠯᠵᠦ᠂ | ᠴᠡᠷᠢᠭ ᠤᠨ ᠠᠯᠪᠠ ᠠᠴᠠ ᠬᠠᠯᠠᠭᠳᠠᠭᠰᠠᠳ ᠲᠤ ᠮᠡᠳᠡᠭᠡ ᠵᠠᠩᠭᠢ ᠴᠤᠭᠯᠠᠭᠤᠯᠬᠤ᠂ ᠲᠥᠷᠥ ᠶᠢᠨ ᠪᠣᠳᠣᠯᠭ᠎ᠠ ᠶᠢᠨ | ᠰᠦᠢᠳᠭᠡᠯ ᠬᠤᠷᠢᠶᠠᠬᠤ᠂ ᠬᠠᠤᠯᠢ ᠴᠠᠭᠠᠵᠠ ᠶᠢᠨ ᠵᠥᠪᠯᠡᠯᠭᠡ ᠥᠭᠬᠦ᠂ ᠰᠡᠳᠬᠢᠴᠡ ᠶᠢᠨ ᠬᠠᠪᠰᠤᠷᠤᠨ ᠵᠢᠯᠤᠭᠤᠳᠬᠤ᠂ | ᠦᠵᠡᠯ ᠰᠠᠨᠠᠭᠠᠨ ᠤ ᠬᠥᠮᠦᠵᠢᠯ᠂ ᠨᠠᠮ ᠤᠨ ᠵᠣᠬᠢᠶᠠᠨ ᠪᠠᠶᠢᠭᠤᠯᠤᠯᠲᠠ ᠶᠢᠨ ᠠᠮᠢᠳᠤᠷᠠᠯ ᠵᠢᠴᠢ ᠠᠳᠠᠯ ᠦᠢᠯᠡᠰ | ᠴᠣᠭᠴᠠᠯᠠᠵᠤ ᠠᠵᠢᠯ ᠣᠯᠭᠤᠬᠤ ᠵᠢᠯᠣᠭᠤᠳᠣᠯᠭ᠎ᠠ ᠵᠡᠷᠭᠡ ᠶᠡᠷᠦᠩᠬᠡᠶᠢᠯᠡᠭᠰᠡᠨ ᠦᠢᠯᠡᠴᠢᠯᠡᠭᠡ ᠬᠠᠩᠭᠠᠨ᠎ᠠ᠃ |