ᠦᠷ᠎ᠡ ᠬᠡᠤᠬᠡᠳ ᠢᠶᠠᠨ ᠰᠤᠷᠭᠠᠨ ᠬᠦᠮᠦᠵᠢᠭᠦᠯᠬᠦ ᠮᠤᠩᠭᠤᠯᠴᠤᠳ ᠤᠨ ᠤᠬᠠᠭᠠᠨ
ᠨᠡᠶᠢᠲᠡᠯᠡᠭᠰᠡᠨ ᠴᠠᠭ᠄
2018/6/26
     ᠮᠤᠩᠭᠤᠯᠴᠤᠳ ᠤᠨ ᠭᠡᠷ ᠤᠨ ᠬᠦᠮᠦᠵᠢᠯ ᠤᠨ ᠭᠤᠤᠯ ᠠᠷᠭ᠎ᠠ ᠨᠢ ᠬᠦᠳᠡᠯᠮᠦᠷᠢ ᠶᠤᠮ᠃ ᠵᠢᠯ ᠤᠨ ᠳᠦᠷᠪᠡᠨ ᠤᠯᠠᠷᠢᠯ ᠳᠤ ᠮᠠᠯ ᠠᠵᠦ ᠠᠬᠤᠢ ᠪᠠᠨ ᠠᠳᠤᠭᠤᠯᠤᠨ ᠮᠠᠯᠯᠠᠬᠤ᠂ ᠠᠶᠠᠨ ᠵᠢᠩ ᠲᠡᠭᠡᠭᠡᠬᠦ᠂ ᠠᠩ ᠬᠦᠷᠦᠭᠡ ᠬᠢᠬᠦ ᠵᠡᠷᠭᠡ ᠠᠮᠢᠵᠢᠷᠭᠠᠨ ᠤ ᠠᠷᠭ᠎ᠠ ᠤᠬᠠᠭᠠᠨ ᠳᠤ ᠰᠤᠷᠭᠠᠳᠠᠭ ᠪᠠᠶᠢᠪᠠ᠃      ᠬᠡᠤᠬᠡᠳ ᠢ ᠪᠠᠭ᠎ᠠ ᠪᠠᠯᠴᠢᠷ ᠭᠡᠵᠦ ᠢᠯᠭᠠᠪᠦᠷᠢᠯᠠᠬᠤ ᠦᠭᠡᠢ ᠪᠠᠷ ᠬᠢᠷᠢ ᠴᠢᠳᠠᠯ ᠳᠤ ᠨᠢ ᠲᠤᠬᠢᠷᠠᠭᠰᠠᠨ ᠠᠵᠢᠯ ᠬᠦᠳᠡᠯᠮᠦᠷᠢ ᠳᠤ ᠤᠷᠤᠯᠴᠠᠭᠤᠯᠳᠠᠭ ᠨᠠᠷᠢᠨ ᠬᠤᠪᠢᠶᠠᠷᠢ ᠲᠠᠢ ᠪᠠᠶᠢᠭᠰᠠᠨ ᠨᠢ ᠤᠯᠠᠮᠵᠢᠯᠠᠯᠲᠦ ᠶᠤᠰᠤ ᠵᠠᠩᠰᠢᠯ᠂ ᠨᠤᠮ ᠵᠤᠬᠢᠶᠠᠯ ᠠᠴᠠ ᠲᠤᠲᠤᠷᠬᠠᠢ ᠬᠠᠷᠠᠭᠳᠠᠨ᠎ᠠ᠃      ᠵᠢᠱᠢᠶ᠎ᠡ ᠨᠢ ᠬᠢᠰᠬᠢᠵᠦ ᠴᠢᠳᠠᠮᠠᠭᠴᠠ ᠠᠶᠠᠭ᠎ᠠ ᠲᠠᠪᠠᠭ ᠠᠪᠤᠭᠤᠯᠬᠤ᠂ ᠬᠤᠶᠠᠷ ᠭᠤᠷᠪᠠᠨ ᠨᠠᠰᠤᠨ ᠠᠴᠠ ᠨᠢ ᠠᠶᠠᠭ᠎ᠠ ᠰᠠᠪᠠ ᠤᠬᠢᠶᠠᠯᠭᠠᠬᠤ᠃ ᠬᠤᠷᠠᠭ᠎ᠠ ᠢᠰᠢᠭᠡ ᠲᠠᠲᠠᠭᠤᠯᠬᠤ᠂ 5—6 ᠨᠠᠰᠤᠨ ᠠᠴᠠ ᠨᠢ ᠡᠬᠢᠯᠡᠨ ᠲᠤᠭᠤᠯ ᠬᠤᠷᠠᠭ᠎ᠠ ᠬᠠᠷᠢᠭᠤᠯᠬᠤ᠂ ᠠᠷᠭᠠᠯ ᠲᠡᠭᠦᠯᠭᠡᠵᠦ᠂ ᠠᠶᠢᠷᠠᠭ ᠪᠦᠯᠢᠭᠦᠯᠬᠦ᠂ ᠮᠤᠷᠢ ᠤᠨᠤᠭᠤᠯᠬᠤ ᠵᠡᠷᠭᠡ ᠮᠠᠯᠴᠢᠨ ᠬᠦᠮᠦᠨ ᠤ ᠠᠮᠢᠵᠢᠷᠭᠠᠨ ᠤ ᠬᠡᠷᠡᠭᠴᠡᠭᠡᠲᠦ ᠲᠠᠲᠤᠯ ᠴᠢᠳᠠᠪᠦᠷᠢ ᠶᠢ ᠤᠯᠭᠤᠵᠦ ᠪᠠᠶᠢᠵᠠᠢ᠃      1735 ᠤᠨ ᠳᠤ ᠭᠠᠷᠤᠭᠰᠠᠨ《ᠲᠤ᠋ ᠬᠦᠩ ᠤᠨ ᠭᠤᠷᠪᠠᠨ ᠦᠰᠦᠭᠲᠦ》ᠨᠤᠮ ᠳᠤ《ᠬᠡᠤᠬᠡᠳ ᠢ ᠢᠳᠡᠵᠦ ᠴᠢᠳᠠᠮᠠᠭᠴᠠ ᠪᠠᠷᠠᠭᠠᠳ ᠭᠠᠷ ᠢ ᠰᠤᠷᠭᠠᠨ᠎ᠠ᠃ ᠬᠡᠯᠡᠵᠦ ᠴᠢᠳᠠᠮᠠᠭᠴᠠ ᠡᠷᠭᠡᠯᠡᠬᠦ ᠳᠠᠭᠤ ᠶᠢ ᠦᠯᠦ ᠭᠠᠷᠭᠠᠨ᠎ᠠ᠃ ᠶᠠᠪᠤᠵᠦ ᠴᠢᠳᠠᠮᠠᠭᠴᠠ ᠳᠦᠷᠪᠡᠨ ᠵᠦᠭ ᠳᠡᠭᠡᠲᠦ ᠳᠤᠤᠷᠠᠲᠦ ᠶᠢ ᠤᠬᠠᠭᠤᠯᠤᠨ᠎ᠠ᠃ ᠮᠡᠭᠦᠰᠭᠢᠵᠦ ᠴᠢᠳᠠᠮᠠᠭᠴᠠ ᠶᠤᠰᠤᠯᠠᠯ᠂ ᠨᠠᠶᠢᠷ ᠲᠠᠯᠪᠢᠬᠤ᠂ ᠡᠴᠢᠭᠡ ᠡᠬᠡ ᠪᠠᠨ ᠬᠦᠨᠳᠦᠳᠭᠡᠬᠦ ᠶᠢ ᠰᠤᠷᠭᠠᠨ᠎ᠠ》 ᠭᠡᠵᠡᠢ᠃      ᠬᠡᠤᠬᠡᠳ ᠢ ᠢᠷᠡᠬᠦ ᠠᠮᠢᠳᠤᠷᠠᠯ ᠤᠨ ᠤᠬᠠᠭᠠᠨ ᠳᠤ ᠰᠠᠭᠤᠯᠭᠠᠵᠦ᠂ ᠠᠮᠢᠵᠢᠷᠭᠠᠨ ᠤ ᠳᠦᠷᠢ ᠲᠠᠢ ᠪᠤᠯᠭᠠᠬᠤ  ᠳᠠᠭᠠᠨ ᠠᠯᠢᠪᠠ ᠠᠵᠢᠯ ᠬᠦᠳᠡᠯᠮᠦᠷᠢ ᠶᠢ ᠶᠠᠭᠠᠬᠢᠵᠦ ᠬᠢᠬᠦ ᠶᠢ ᠦᠭᠡ ᠪᠠᠷ ᠪᠤᠰᠤ ᠦᠢᠯᠡ ᠳᠠᠭᠤᠷᠢᠶᠠᠯᠭᠠᠨ ᠰᠤᠷᠭᠠᠳᠠᠭ ᠪᠠᠶᠢᠭᠰᠠᠨ ᠨᠢ ᠮᠠᠨ ᠤ ᠬᠡᠤᠬᠡᠳ ᠬᠦᠮᠦᠵᠢᠭᠦᠯᠬᠦ ᠤᠨᠴᠠᠯᠢᠭ ᠲᠠᠯ᠎ᠠ ᠶᠤᠮ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号