ᠶᠠᠫᠤᠨ ᠤᠯᠤᠰ ᠲᠤ᠂ ᠪᠦᠳᠦᠭᠦᠨ ᠭᠡᠳᠡᠰᠦᠨ ᠦᠮᠡᠨ ᠢᠶᠠᠷ ᠦᠬᠦᠬᠦ ᠨᠤᠷᠮ᠎ᠠ ᠨᠢ ᠠᠭᠤᠰᠬᠢᠨ ᠦᠮᠡᠨ ᠢᠶᠠᠷ | ᠦᠬᠦᠬᠦ ᠨᠤᠷᠮ᠎ᠠ ᠠᠴᠠ ᠯᠡ ᠲᠠᠳᠠᠭᠤ ᠪᠠᠶᠢᠳᠠᠬ᠃ ᠡᠪᠡᠳᠴᠢᠲᠡᠨ ᠳᠤ ᠠᠪᠴᠦ ᠬᠡᠯᠡᠪᠡᠯ ᠡᠪᠡᠳᠴᠢᠨ ᠢᠶᠠᠨ ᠡᠷᠲᠡ | ᠢᠯᠡᠷᠡᠭᠦᠯᠵᠦ ᠡᠷᠲᠡ ᠵᠠᠰᠠᠬᠤ ᠨᠢ ᠬᠠᠮᠤᠬ ᠤᠨ ᠴᠢᠬᠤᠯᠠ ᠶᠤᠮ᠃ ᠤᠶᠢᠷ᠎ᠠ ᠶᠢᠨ ᠡᠳᠦᠷ᠂ ᠶᠠᠫᠤᠨ ᠤᠯᠤᠰ ᠬᠢᠮᠡᠯ | ᠲᠠᠷᠢᠬᠢ ᠪᠠᠷ 1 ᠰᠧᠺᠦ᠋ᠨ᠋ᠲ ᠵᠠᠷᠤᠴᠠᠭᠤᠯᠬᠤ ᠦᠭᠡᠢ ᠪᠠᠷ ᠪᠦᠳᠦᠬᠦᠨ ᠭᠡᠳᠡᠰᠦᠨ ᠤ ᠤᠷᠭᠤᠴᠠᠬ ᠲᠤ ᠦᠮᠡᠨ | ᠡᠪᠡᠳᠴᠢᠨ ᠪᠠᠶᠢᠬᠤ ᠡᠰᠡᠭᠦ ᠶᠢ ᠲᠤᠳᠤᠯᠠᠵᠤ ᠴᠢᠳᠠᠯ᠎ᠠ ᠭᠡᠵᠦ ᠨᠡᠶᠢᠲᠡᠯᠡᠵᠡᠢ᠃ | | ᠶᠠᠫᠤᠨ ᠤ ᠶᠤᠺᠤᠬᠠᠮᠠ ᠬᠤᠲᠠ ᠶᠢᠨ ᠨᠢᠭᠡ ᠡᠮᠨᠡᠯᠭᠡ ᠶᠢᠨ ᠡᠮᠴᠢᠯᠡᠬᠦ ᠲᠠᠰᠤᠬ ᠲᠤ ᠡᠮᠴᠢ 500 ᠳᠠᠬᠢᠨ | ᠲᠤᠮᠤᠷᠠᠭᠤᠯᠬᠤ ᠲᠤᠳᠤᠷ ᠡᠷᠬᠡᠲᠡᠨ ᠤ ᠳᠤᠷᠠᠨ ᠢ ᠡᠪᠡᠳᠴᠢᠲᠡᠨ ᠤ ᠭᠡᠳᠡᠰᠦ ᠬᠤᠳᠤᠭᠠᠨ ᠳᠤ ᠤᠷᠤᠭᠤᠯᠬᠤ ᠳᠤ᠂ ᠬᠢᠮᠡᠯ | ᠲᠠᠷᠢᠬᠢ ᠶᠢᠨ ᠰᠢᠰᠲ᠋ᠧᠮ ᠨᠢ 0.3 ᠰᠧᠺᠦ᠋ᠨ᠋ᠲ ᠤᠨ ᠲᠤᠳᠤᠷ᠎ᠠ ᠡᠪᠡᠳᠴᠢᠲᠡᠨ ᠤ ᠪᠦᠳᠦᠭᠦᠨ ᠬᠡᠳᠡᠰᠦᠨ | ᠤᠷᠭᠤᠴᠠᠬ ᠲᠤ ᠦᠮᠡᠨ ᠡᠪᠡᠳᠴᠢᠨ ᠲᠠᠢ ᠡᠰᠡᠭᠦ ᠶᠢ ᠲᠤᠳᠤᠯᠠᠬᠰᠠᠨ ᠢ ᠰᠤᠷᠪᠤᠯᠵᠢᠯᠠᠬᠴᠢ ᠤᠯᠵᠦ ᠬᠠᠷᠠᠯ᠎ᠠ᠃ ᠡᠮᠴᠢ | ᠬᠢᠮᠡᠯ ᠲᠠᠷᠢᠬᠢᠨ ᠤ ᠰᠢᠰᠲ᠋ᠧᠮ ᠤᠨ ᠨᠤᠲᠠᠯᠠᠬᠤ ᠳ᠋ᠦᠩ ᠢᠶᠠᠷ ᠯᠠᠪᠯᠠᠯᠲᠠ ᠪᠤᠯᠭᠠᠨ ᠲᠡᠷᠡ ᠳᠠᠷᠤᠢ ᠮᠡᠰᠡ ᠵᠠᠰᠠᠯ ᠬᠢᠵᠦ | ᠪᠤᠯᠤᠨ᠎ᠠ᠃ ︽ᠦᠩᠭᠡᠷᠡᠭᠰᠡᠨ ᠳᠤ ᠨᠢᠭᠡ ᠭᠠᠷᠠᠬ ᠤᠨ ᠴᠠᠬ ᠬᠡᠷᠡᠭᠰᠡᠭᠡᠳ ᠰᠠᠶ᠋ᠢ ᠡᠪᠡᠳᠴᠢᠨ ᠢ ᠲᠤᠳᠤᠯᠠᠳᠠᠬ᠂ ᠤᠳᠤ | ᠬᠤᠷᠤᠮᠬᠠᠨ ᠵᠠᠭᠤᠷ᠎ᠠ ᠲᠤᠳᠤᠯᠠᠵᠦ ᠴᠢᠳᠠᠬᠤ ᠪᠦᠭᠡᠳ ᠤᠬᠲᠤᠯᠵᠦ ᠬᠠᠶᠠᠬᠤ ᠡᠰᠡᠬᠦ ᠶᠢ ᠲᠤᠬᠲᠠᠭᠠᠵᠦ ᠴᠢᠳᠠᠬᠤ | ᠪᠤᠯᠪᠡ᠂ ᠡᠨᠡ ᠢᠵᠢ ᠬᠢᠮᠡᠯ ᠲᠠᠷᠢᠬᠢ ᠶᠢᠨ ᠰᠢᠰᠲ᠋ᠧᠮ ᠡᠮᠴᠢᠯᠡᠭᠡᠨ ᠤ ᠤᠨᠤᠰᠢᠯᠠᠬᠤ ᠦᠷ᠎ᠡ ᠪᠦᠲᠦᠮᠵᠢ ᠶᠢ ᠶᠡᠬᠡᠪᠡᠷ | ᠳᠡᠭᠡᠭᠰᠢᠯᠡᠭᠦᠯᠤᠯᠡ︾ ᠭᠡᠵᠦ ᠶᠠᠫᠤᠨ ᠤᠯᠤᠰ ᠤᠨ ᠨᠢᠭᠡ ᠶᠡᠭᠡ ᠰᠤᠷᠭᠠᠭᠤᠯᠢ ᠶᠢᠨ ᠫᠷᠤᠹᠧᠰᠰᠤᠷ ᠶᠠᠷᠢᠵᠦ ᠪᠠᠶᠢᠪᠠ᠃ | | ᠲᠠᠨᠢᠯᠴᠠᠭᠤᠯᠤᠬᠰᠠᠨ ᠢᠶᠠᠷ᠂ ᠡᠨᠡ ᠢᠵᠢ ᠬᠢᠮᠡᠯ ᠲᠠᠷᠢᠬᠢ ᠶᠢᠨ ᠰᠢᠰᠲ᠋ᠧᠮ ᠢ ᠰᠤᠳᠤᠯᠤᠨ ᠪᠦᠲᠦᠭᠡᠬᠦ ᠳᠤ 6 | ᠲᠦᠮᠡ ᠭᠠᠷᠤᠢ ᠬᠠᠪᠤᠳᠠᠷ ᠤᠨ ᠡᠰ ᠤᠨ ᠵᠢᠷᠤᠬ ᠢ ᠬᠡᠷᠡᠭᠯᠡᠵᠦ ᠨᠢᠭᠡ ᠳ᠋ᠠᠶᠢᠲ᠋ᠠ ᠪᠠᠶᠢᠭᠤᠯᠵᠠᠢ᠃ ᠡᠳᠡᠭᠡᠷ ᠵᠢᠷᠤᠬ ᠨᠢ | ᠶᠠᠫᠤᠨ ᠤ ᠲᠠᠪᠤᠨ ᠡᠮᠨᠡᠯᠭᠡ ᠶᠢᠨ ᠤᠨᠤᠰᠢᠯᠠᠬᠰᠠᠨ 3000 ᠭᠠᠷᠤᠢ ᠡᠪᠡᠳᠴᠢᠨ ᠤ ᠵᠢᠱᠢᠶ᠎ᠠ ᠪᠤᠯᠤᠨ᠎ᠠ᠃ ᠡᠨᠡᠬᠦ | ᠰᠢᠰᠲ᠋ᠧᠮ ᠨᠢ ᠵᠢᠷᠤᠬ ᠲᠦᠷᠰᠦ ᠶᠢᠨ ᠬᠦᠮᠦᠷᠭᠡ ᠳᠠᠬᠢ ᠬᠠᠪᠤᠳᠠᠷ ᠤᠨ ᠵᠢᠷᠤᠬ ᠳᠤ ᠵᠠᠳᠠᠯᠤᠯᠲᠠ ᠬᠢᠬᠦ ᠪᠠ ᠭᠦᠨᠵᠡᠭᠡᠢ | ᠰᠤᠳᠤᠯᠬᠤ ᠪᠠᠷ ᠳᠠᠮᠵᠢᠨ ᠦᠮᠡᠨ ᠡᠪᠡᠳᠴᠢᠨ ᠲᠠᠢ ᠡᠰᠡᠭᠦ ᠶᠢ ᠲᠤᠳᠤᠯᠠᠳᠠᠬ᠃ ᠡᠨᠡ ᠨᠢ ᠡᠮᠴᠢ ᠶᠢᠨ ᠤᠨᠤᠰᠢᠯᠠᠬᠤ | ᠦᠷ᠎ᠡ ᠪᠦᠲᠦᠮᠵᠢ ᠶᠢ ᠳᠡᠭᠡᠭᠰᠢᠯᠡᠭᠦᠯᠦᠭᠰᠡᠨ ᠲᠡᠳᠦᠢ ᠦᠭᠡᠢ ᠤᠨᠤᠰᠢᠯᠠᠬᠤ ᠤᠨᠤᠪᠴᠢ ᠶᠢ ᠴᠤ ᠶᠡᠬᠡᠪᠡᠷ | ᠳᠡᠭᠡᠭᠰᠢᠯᠡᠭᠦᠯᠵᠡᠢ᠃ | | ᠤᠶᠢᠯᠠᠭᠠᠬᠰᠠᠨ ᠢᠶᠠᠷ᠂ ᠡᠨᠡ ᠢᠵᠢ ᠬᠢᠮᠡᠯ ᠲᠠᠷᠢᠬᠢ ᠶᠢ ᠤᠳᠤᠬᠠᠨ ᠳᠤ ᠶᠠᠫᠤᠨ ᠤ ᠵᠢᠷᠭᠤᠭᠠᠨ ᠡᠮᠨᠡᠯᠭᠡ ᠳᠤ | ᠡᠬᠢᠯᠡᠨ ᠲᠤᠷᠰᠢᠨ ᠬᠡᠷᠡᠭᠯᠡᠭᠰᠡᠨ ᠪᠠ 2018 ᠤᠨ ᠳᠤ ᠶᠠᠫᠤᠨ ᠤ ᠡᠮ ᠡᠮᠨᠡᠯᠭᠡ ᠶᠢᠨ ᠬᠢᠨᠠᠨ ᠬᠠᠮᠢᠶᠠᠷᠤᠯᠲᠠ ᠶᠢᠨ | ᠬᠠᠮᠢᠶ᠎ᠠ ᠪᠦᠬᠦᠢ ᠰᠠᠯᠪᠤᠷᠢ ᠠᠴᠠ ᠵᠦᠪᠰᠢᠶᠡᠷᠡᠯ ᠤᠯᠭᠤᠬᠤ ᠪᠤᠯᠤᠮᠵᠢ ᠪᠤᠢ᠃ |