1. ᠵᠠᠰᠠᠵᠤ ᠴᠢᠮᠡᠭᠯᠡᠬᠦ ᠦᠭᠡᠢ᠃ ᠰᠢᠡᠵᠢᠭᠡ ᠤᠨᠤᠰᠢᠯᠳᠠ ᠪᠤᠯ ᠡᠮᠴᠢ ᠶᠢᠨ ᠡᠪᠡᠳᠴᠢᠨ ᠤᠨᠤᠰᠢᠯᠠᠬᠤ ᠦᠨᠳᠤᠰᠤᠨ | ᠠᠷᠭ᠎ᠠ ᠶᠢᠨ ᠨᠢᠭᠡ ᠮᠦᠨ᠃ ᠡᠪᠡᠳᠴᠢᠨ ᠦᠵᠡᠬᠦᠯᠬᠦ ᠠᠴᠠ ᠡᠮᠤᠨ᠎ᠠ ᠤ ᠲᠦᠷᠬᠢᠬᠦ᠂ ᠤᠷᠤᠭᠤᠯ ᠤᠨ ᠪᠤᠳᠤᠬ ᠲᠦᠷᠬᠢᠬᠦ᠂ | ᠠᠨᠢᠰᠬᠠᠨ ᠵᠢᠷᠤᠭᠠᠰᠤ ᠲᠠᠳᠠᠬᠤ᠂ ᠬᠢᠮᠤᠰᠤ ᠪᠤᠳᠤᠬᠤ ᠵᠡᠷᠭᠡ ᠨᠢ ᠡᠪᠡᠳᠴᠢᠨ ᠤ ᠪᠠᠶᠢᠳᠠᠯ ᠢ ᠬᠠᠯᠬᠠᠯᠠᠵᠤ᠂ ᠡᠮᠴᠢ ᠶᠢᠨ | ᠡᠪᠡᠳᠴᠢᠳᠠᠨ ᠤ ᠠᠷᠠᠰᠤ ᠪᠠ ᠦᠡᠭᠭᠡ ᠵᠢᠰᠤ ᠶᠢ ᠰᠢᠨᠵᠢᠬᠦ ᠶᠢ ᠨᠦᠯᠤᠭᠡᠯᠡᠨ᠂ ᠡᠮᠴᠢ ᠳᠤ ᠡᠮᠴᠢᠯᠡᠭᠡᠨ ᠤ ᠤᠨᠤᠪᠴᠢ | ᠦᠭᠡᠢ ᠮᠡᠳᠡᠭᠡ ᠵᠠᠩᠬᠢ ᠦᠭᠬᠦ ᠶᠢᠨ ᠤᠯᠠᠮ ᠠᠴᠠ ᠤᠨᠤᠰᠢᠯᠠᠬᠤ ᠶᠢ ᠨᠦᠯᠤᠭᠡᠯᠡᠬᠦ ᠴᠢᠨᠠᠭᠰᠢᠯᠠᠪᠠᠯ ᠪᠤᠷᠤᠭᠤ | ᠮᠠᠭᠠᠳᠯᠠᠯᠳᠠ ᠬᠢᠯᠭᠡᠵᠤ ᠮᠡᠳᠡᠬᠦ ᠪᠤᠯᠬᠤᠷ ᠴᠡᠭᠡᠷᠯᠡᠬᠦ ᠬᠡᠷᠡᠭᠳᠠᠢ᠃ | | 2. ᠬᠡᠯᠡᠨ ᠤ ᠦᠡᠭᠬᠦᠷ ᠤᠨ ᠦᠡᠭᠭᠡ ᠶᠢ ᠬᠤᠪᠢᠷᠠᠭᠤᠯᠬᠤ ᠢᠳᠡᠭᠡᠨ ᠪᠤᠶᠤ ᠡᠮ ᠢ ᠢᠳᠡᠬᠦ ᠦᠭᠡᠢ᠃ ᠬᠡᠯᠡ ᠪᠤᠯ | ᠬᠢᠳᠡᠳ ᠡᠮᠨᠡᠯᠭᠡ ᠶᠢᠨ ᠲᠠᠪᠤᠨ ᠴᠤᠯᠤ ᠵᠢᠷᠭᠤᠭᠠᠨ ᠰᠡᠪᠡ ᠶᠢ ᠠᠵᠢᠭᠯᠠᠬᠤ ︽ᠲᠤᠯᠢ︾ ᠮᠦᠨ᠃ ᠬᠢᠳᠡᠳ ᠡᠮᠨᠡᠯᠭᠡ | ᠳᠤ ᠬᠡᠯᠡ ᠰᠢᠨᠵᠢᠬᠦ ᠳᠡᠭᠡᠨ ᠭᠤᠤᠯᠳᠠᠭᠤ ᠬᠡᠯᠡᠨ ᠤ ᠦᠡᠭᠬᠦᠷ ᠪᠠ ᠭᠡᠯᠡᠨ ᠤ ᠪᠦᠬᠦ ᠪᠠᠶᠢᠳᠠᠯ ᠤᠨ ᠬᠤᠪᠢᠷᠠᠯᠳᠠ ᠶᠢ | ᠰᠢᠨᠵᠢᠳᠡᠭ ᠪᠤᠯᠬᠤᠷ ᠢᠳᠡᠭᠡᠨ ᠪᠤᠶᠤ ᠡᠮ ᠤᠨ ᠬᠡᠯᠡᠨ ᠤ ᠦᠡᠭᠬᠦᠷ ᠤᠨ ᠦᠡᠭᠭᠡ ᠶᠢ ᠬᠤᠪᠢᠷᠠᠭᠤᠯᠵᠤ ᠬᠠᠭᠤᠷᠮᠠᠬ | ᠦᠵᠡᠭᠳᠡᠯ ᠭᠠᠷᠭᠠᠬᠤ ᠠᠴᠠ ᠰᠡᠷᠭᠡᠶᠢᠯᠡᠬᠦ ᠬᠡᠷᠡᠭᠳᠠᠢ᠃ ᠡᠶᠢᠮᠤ ᠠᠴᠠ ᠡᠪᠡᠳᠴᠢᠨ ᠦᠵᠡᠬᠦᠯᠬᠦ ᠠᠴᠠ ᠡᠮᠤᠨ᠎ᠠ ᠲᠤᠤᠷᠡᠬᠢ | ᠬᠡᠳᠤᠨ ᠵᠦᠢᠯ ᠤᠨ ᠢᠳᠡᠭᠡᠨ ᠢ ᠢᠳᠡᠬᠦ ᠦᠭᠡᠢ ᠪᠠᠶᠢᠪᠠᠯ ᠵᠤᠬᠢᠨ᠎ᠠ᠄ ᠬᠡᠯᠡᠨ ᠤ ᠦᠡᠭᠬᠦᠷ ᠢ ᠴᠠᠶᠢᠷᠠᠭᠤᠯᠬᠤ ᠦᠨᠢᠶᠡᠨ | ᠰᠦ ᠪᠠ ᠬᠠᠳᠠᠭᠤ ᠵᠢᠮᠢᠰ︔ ᠬᠡᠯᠡᠨ ᠤ ᠦᠡᠭᠬᠦᠷ ᠢ ᠬᠠᠷᠠᠯᠠᠭᠤᠯᠬᠤ ᠶᠠᠨᠵᠤ ᠬᠥᠢᠯᠡᠰᠤ᠂ ᠬᠠᠷ ᠬᠥᠢᠯᠡᠰᠤ᠂ ᠴᠤᠺᠦᠯᠡᠳ᠋᠂ | ᠺᠤᠹᠧ ᠵᠡᠷᠭᠡ︔ ᠬᠡᠯᠡᠨ ᠤ ᠦᠡᠭᠬᠦᠷ ᠢ ᠰᠢᠷᠠᠯᠠᠭᠤᠯᠬᠤ ᠵᠦᠷᠵᠢ᠂ ᠠᠮᠳᠠᠳᠤ ᠲᠦᠮᠤᠰᠤ ᠵᠡᠷᠭᠡ᠃ ᠬᠡᠳᠤᠷᠭᠡᠢ ᠬᠠᠯᠠᠭᠤᠨ | ᠤᠰᠤ ᠪᠠ ᠭᠤᠱᠤᠭᠤᠨ ᠢᠳᠡᠭᠡᠨ ᠨᠢ ᠬᠡᠯᠡᠨ ᠤ ᠦᠡᠭᠬᠦᠷ ᠢ ᠤᠯᠠᠭᠠᠪᠳᠤᠷ ᠪᠤᠯᠭᠠᠬᠤ ᠲᠤᠯᠠ ᠮᠦᠨ ᠬᠢᠴᠢᠶᠡᠬᠦ | ᠬᠡᠷᠡᠭᠳᠠᠢ᠃ | | 3. ᠦᠨᠤᠷᠳᠤ ᠤᠰᠤ ᠲᠦᠷᠬᠢᠬᠦ ᠦᠭᠡᠢ᠃ ᠦᠨᠤᠷᠯᠡᠬᠦ ᠪᠤᠯ ᠬᠢᠳᠡᠳ ᠡᠮᠨᠡᠯᠭᠡ ᠶᠢᠨ ᠦᠨᠤᠷᠯᠡᠨ ᠤᠨᠤᠰᠢᠯᠠᠬᠤ ᠶᠢᠨ | ᠴᠢᠬᠤᠯᠠ ᠠᠭᠤᠯᠭ᠎ᠠ ᠮᠦᠨ᠃ ᠬᠥᠮᠤᠨ ᠤ ᠪᠡᠶ᠎ᠠ ᠶᠢᠨ ᠦᠨᠤᠷ ᠪᠤᠯ ᠴᠦᠮ ᠴᠤᠯᠤ ᠰᠠᠪᠠ ᠶᠢᠨ ᠹᠢᠽᠢᠤᠯᠤᠬᠢ ᠶᠢᠨ | ᠬᠤᠪᠢᠷᠠᠯᠳᠠ ᠪᠤᠶᠤ ᠡᠪᠡᠳᠴᠢᠨ ᠤ ᠵᠦᠢ ᠶᠢᠨ ᠬᠤᠪᠢᠷᠠᠯᠳᠠ ᠶᠢᠨ ᠶᠠᠪᠤᠴᠠ ᠳᠤ ᠪᠤᠢ ᠪᠤᠯᠤᠭᠰᠠᠨ ᠪᠠᠶᠢᠳᠠᠬ᠂ ᠵᠠᠷᠢᠮ | ᠦᠶ᠎ᠠ ᠳᠤ ᠡᠪᠡᠳᠴᠢᠳᠠᠨ ᠤ ᠪᠡᠶ᠎ᠠ ᠠᠴᠠ ᠭᠠᠷᠬᠤ ᠦᠨᠤᠷ ᠢᠶᠠᠷ ᠡᠪᠡᠳᠴᠢᠨ ᠡᠮᠭᠡᠭ ᠢ ᠮᠠᠭᠠᠳᠯᠠᠵᠤ ᠪᠤᠯᠤᠨ᠎ᠠ᠃ | ᠦᠨᠤᠷᠳᠤ ᠤᠰᠤ ᠪᠤᠶᠤ ᠦᠳᠭᠡᠨ ᠦᠨᠤᠷ ᠲᠠᠢ ᠠᠷᠠᠰᠤ ᠠᠷᠠᠴᠢᠯᠠᠬᠤ ᠡᠳ᠋ ᠵᠡᠷᠭᠡ ᠶᠢ ᠬᠡᠷᠡᠭᠯᠡᠪᠡᠯ ᠡᠪᠡᠳᠴᠢᠳᠠᠨ ᠤ | ᠪᠡᠶ᠎ᠠ ᠶᠢᠨ ᠦᠨᠤᠷ ᠢ ᠲᠠᠷᠤᠵᠤ ᠤᠨᠤᠰᠢᠯᠠᠯᠳᠠ ᠶᠢ ᠨᠦᠯᠤᠭᠡᠯᠡᠳᠡᠭ᠃ ᠡᠬᠦᠨ ᠠᠴᠠ ᠭᠠᠳᠠᠨ᠎ᠠ᠂ ᠡᠪᠡᠳᠴᠢᠳᠠᠨ | ᠡᠪᠡᠳᠴᠢᠨ ᠢᠶᠠᠨ ᠦᠵᠡᠬᠦᠯᠬᠦ ᠠᠴᠠ ᠡᠮᠤᠨ᠎ᠠ ᠰᠠᠷᠢᠮᠰᠤᠬ ᠵᠡᠷᠭᠡ ᠦᠳᠭᠡᠨ ᠦᠨᠤᠷ ᠲᠠᠢ ᠢᠳᠡᠭᠡᠨ ᠢ ᠢᠳᠡᠬᠦ ᠦᠭᠡᠢ | ᠪᠠᠶᠢᠪᠠᠯ ᠵᠤᠬᠢᠨ᠎ᠠ᠃ | | 4. ᠰᠢᠷᠤᠬᠦᠨ ᠬᠥᠳᠡᠯᠭᠡᠭᠡᠨ ᠬᠢᠬᠦ ᠦᠭᠡᠢ᠃ ᠰᠤᠳᠡᠯ ᠤᠨ ᠤᠨᠤᠰᠢᠯᠠᠯᠳᠠ ᠪᠤᠯ ᠬᠢᠳᠡᠳ ᠡᠮᠨᠡᠯᠭᠡ ᠶᠢᠨ ᠡᠪᠡᠳᠴᠢᠨ | ᠤᠨᠤᠰᠢᠯᠠᠬᠤ ᠴᠢᠬᠤᠯᠠ ᠠᠷᠭ᠎ᠠ ᠪᠠᠷᠢᠯ ᠮᠦᠨ᠂ ᠬᠢᠳᠡᠳ ᠡᠮᠨᠡᠯᠭᠡ ᠳᠤ ᠭᠤᠤᠯᠳᠠᠭᠤ ᠰᠤᠳᠡᠯ ᠪᠠᠷᠢᠵᠤ ᠰᠤᠳᠡᠯ ᠤᠨ | ᠪᠠᠶᠢᠳᠠᠯ ᠬᠤᠪᠢᠷᠠᠯᠳᠠ ᠶᠢ ᠦᠨᠳᠤᠰᠤᠯᠡᠨ ᠤᠨᠤᠰᠢᠯᠠᠳᠠᠬ᠃ ᠰᠤᠳᠠᠯ ᠤᠨ ᠪᠠᠶᠢᠳᠠᠯ ᠨᠢ ᠴᠤᠯᠤ ᠰᠠᠪᠠ ᠴᠢᠰᠤ ᠬᠡᠢ ᠶᠢᠨ | ᠰᠠᠶᠢᠨ ᠮᠠᠭᠤ ᠲᠠᠢ ᠨᠢᠬᠳᠠ ᠬᠤᠯᠪᠤᠭ᠎ᠠ ᠲᠠᠢ᠃ ᠬᠡᠳᠤᠷᠭᠡᠢ ᠬᠦᠭᠰᠡᠬᠦ ᠵᠢᠴᠢ ᠰᠢᠷᠤᠬᠦᠨ ᠬᠥᠳᠡᠯᠭᠡᠭᠡᠨ ᠬᠢᠪᠠᠯ ᠴᠦᠮ | ᠰᠤᠳᠡᠯ ᠤᠨ ᠯᠤᠬᠰᠢᠯᠳᠠ ᠶᠢ ᠲᠦᠷᠭᠡᠨ ᠪᠦᠭᠡᠳ ᠬᠦᠴᠤᠳᠠᠢ ᠪᠤᠯᠭᠠᠵᠤ᠂ ᠰᠤᠳᠡᠯ ᠤᠨ ᠦᠨᠡᠨ ᠪᠠᠶᠢᠳᠠᠯ ᠢ ᠠᠮᠠᠷᠬᠠᠨ | ᠬᠠᠯᠬᠠᠯᠠᠳᠠᠬ ᠶᠤᠮ᠃ ᠡᠶᠢᠮᠤ ᠠᠴᠠ ᠡᠪᠡᠳᠴᠢᠳᠠᠨ ᠡᠪᠡᠳᠴᠢᠨ ᠦᠵᠡᠬᠦᠯᠬᠦ ᠠᠴᠠ ᠡᠮᠤᠨ᠎ᠠ ᠰᠢᠷᠤᠬᠦᠨ ᠬᠥᠳᠡᠯᠭᠡᠭᠡᠨ | ᠬᠢᠬᠦ ᠦᠭᠡᠢ ᠪᠤᠶᠤ ᠬᠡᠳᠤᠷᠭᠡᠢ ᠬᠥᠭᠰᠡᠬᠦ ᠦᠭᠡᠢ ᠪᠠᠶᠢᠪᠠᠯ ᠵᠤᠬᠢᠨ᠎ᠠ᠂ ᠰᠠᠶ᠋ᠢ ᠬᠥᠳᠡᠯᠭᠡᠭᠡᠨ ᠬᠢᠵᠤ ᠪᠠᠷᠠᠭᠰᠠᠨ ᠪᠤᠶᠤ | ᠠᠰᠠᠷ ᠤᠨ ᠱᠠᠳᠤ ᠮᠠᠴᠤᠭᠰᠠᠨ ᠪᠠᠶᠢᠪᠠᠯ ᠵᠢᠭᠠᠬᠠᠨ ᠠᠮᠤᠰᠬᠢᠵᠤ ᠠᠪᠤᠭᠠᠳ ᠰᠤᠳᠡᠯ ᠤᠨ ᠯᠤᠬᠰᠢᠯᠳᠠ ᠲᠤᠬᠳᠠᠭᠤᠨ | ᠪᠤᠯᠤᠭᠰᠠᠨ ᠤ ᠲᠠᠷᠠᠭ᠎ᠠ ᠡᠮᠴᠢ ᠪᠠᠷ ᠰᠤᠳᠡᠯ ᠪᠠᠷᠢᠭᠤᠯᠪᠠᠯ ᠵᠤᠬᠢᠨ᠎ᠠ᠃ | | 5. ᠪᠡᠶ᠎ᠠ ᠪᠠᠷᠢᠬᠰᠠᠨ ᠬᠤᠪᠴᠡᠰᠤ ᠡᠮᠤᠰᠬᠦ ᠦᠭᠡᠢ᠃ ᠪᠡᠶ᠎ᠠ ᠶᠢᠨ ᠪᠠᠶᠢᠴᠠᠭᠠᠯᠳᠠ ᠬᠢᠬᠦ ᠪᠤᠯ ᠡᠮᠴᠢ ᠶᠢᠨ ᠡᠪᠡᠳᠴᠢᠨ | ᠦᠵᠡᠬᠦ ᠦᠶ᠎ᠠ ᠶᠢᠨ ᠮᠠᠰᠢ ᠴᠢᠬᠤᠯᠠ ᠪᠠᠶᠢᠴᠠᠭᠠᠨ ᠤᠨᠤᠰᠢᠯᠠᠬᠤ ᠭᠤᠭᠴᠤᠭ᠎ᠠ ᠮᠦᠨ᠂ ᠪᠡᠶ᠎ᠠ ᠶᠢᠨ ᠨᠠᠷᠢᠨ | ᠪᠠᠶᠢᠴᠠᠭᠠᠯᠳᠠ ᠨᠢ ᠡᠮᠴᠢ ᠶᠢᠨ ᠡᠪᠡᠳᠴᠢᠨ ᠤ ᠪᠠᠶᠢᠳᠠᠯ ᠢ ᠤᠨᠤᠪᠴᠢᠳᠠᠢ ᠦᠢᠯᠠᠭᠠᠬᠤ᠂ ᠡᠪᠡᠳᠴᠢᠨ ᠢ ᠵᠦᠪ ᠢᠶᠠᠷ | ᠤᠨᠤᠰᠢᠯᠠᠬᠤ ᠳᠤ ᠴᠢᠬᠤᠯᠠ ᠦᠢᠯᠡᠳᠤᠯ ᠦᠵᠡᠬᠦᠯᠳᠡᠭ᠃ ᠬᠡᠷᠪᠡ ᠬᠡᠳᠤᠷᠭᠡᠢ ᠪᠡᠶ᠎ᠠ ᠪᠠᠷᠢᠬᠰᠠᠨ ᠬᠤᠪᠴᠠᠰᠤ ᠡᠮᠤᠰᠪᠠᠯ | ᠵᠠᠷᠢᠮ ᠹᠢᠽᠢᠤᠯᠤᠬᠢ ᠶᠢᠨ ᠦᠢᠯᠳᠡ ᠪᠠ ᠡᠪᠡᠳᠴᠢᠨ ᠤ ᠵᠦᠢ ᠶᠢᠨ ᠦᠢᠯᠳᠡ ᠶᠢ ᠬᠠᠯᠬᠠᠯᠠᠵᠤ᠂ ᠡᠮᠴᠢ ᠶᠢᠨ | ᠮᠠᠭᠠᠳᠯᠠᠯᠳᠠ ᠭᠠᠷᠭᠠᠬᠤ ᠳᠤ ᠠᠰᠢᠬ ᠦᠭᠡᠢ ᠪᠠᠶᠢᠳᠠᠭ᠃ ᠡᠶᠢᠮᠤ ᠠᠴᠠ᠂ ᠡᠮᠴᠢ ᠶᠢᠨ ᠬᠤᠯᠪᠤᠬᠳᠠᠯ ᠪᠦᠬᠦᠢ | ᠪᠠᠶᠢᠴᠠᠭᠠᠯᠳᠠ ᠬᠢᠬᠦ ᠳᠤ ᠲᠦᠬᠦᠮ ᠪᠠᠶᠢᠯᠭᠠᠬᠤ ᠶᠢᠨ ᠲᠤᠯᠠᠳᠠ᠂ ᠡᠪᠡᠳᠴᠢᠳᠠᠨ ᠡᠪᠡᠳᠴᠢᠨ ᠦᠵᠡᠬᠦᠯᠬᠦ ᠳᠡᠭᠡᠨ | ᠠᠭᠤᠵᠢᠭᠤ ᠡᠯᠪᠡᠭ ᠬᠤᠪᠴᠠᠰᠤ ᠡᠮᠤᠰᠪᠠᠯ ᠵᠤᠬᠢᠨ᠎ᠠ᠃ | | 6. ᠡᠪᠡᠳᠴᠢᠨ ᠤ ᠪᠠᠶᠢᠳᠠᠯ ᠢᠶᠠᠨ ᠨᠢᠭᠤᠬᠤ ᠦᠭᠡᠢ᠃ ᠠᠰᠠᠭᠤᠬᠤ ᠰᠢᠨᠵᠢᠯᠡᠭᠡ ᠪᠤᠯ ᠡᠮᠴᠢ ᠶᠢᠨ ᠡᠪᠡᠳᠴᠢᠨ | ᠤᠨᠤᠰᠢᠯᠠᠬᠤ ᠦᠶ᠎ᠠ ᠳᠤ ᠪᠤᠷᠤ ᠮᠠᠲ᠋ᠧᠷᠢᠶᠠᠯ ᠤᠯᠬᠤ ᠴᠢᠬᠤᠯᠠ ᠠᠷᠭ᠎ᠠ ᠮᠦᠨ ᠪᠤᠯᠬᠤᠷ ᠡᠪᠡᠳᠴᠢᠳᠠᠨ ᠵᠠᠪᠠᠯ | ᠡᠪᠡᠳᠴᠢᠨ ᠤ ᠪᠠᠶᠢᠳᠠᠯ ᠢᠶᠠᠨ ᠡᠮᠴᠢ ᠳᠤ ᠦᠨᠡᠨ ᠮᠦᠨ ᠢᠶᠠᠷ ᠨᠢ ᠨᠠᠷᠢᠨ ᠨᠢᠮᠪᠠᠢ ᠲᠠᠨᠢᠯᠴᠠᠭᠤᠯᠬᠤ ᠪᠦᠭᠡᠳ | ᠡᠮᠴᠢ ᠶᠢᠨ ᠠᠰᠠᠭᠤᠬᠰᠠᠨ ᠵᠦᠢᠯ ᠢ ᠲᠤᠳᠤᠷᠬᠠᠢ ᠬᠠᠷᠢᠭᠤᠯᠬᠤ ᠬᠡᠷᠡᠭᠳᠠᠢ᠂ ᠶᠠᠭᠠᠬᠢᠬᠰᠠᠨ ᠴᠤ ᠡᠪᠡᠳᠴᠢᠨ ᠤ ᠪᠠᠶᠢᠳᠠᠯ | ᠢᠶᠠᠨ ᠨᠢᠭᠤᠵᠤ ᠪᠤᠯᠬᠤ ᠦᠭᠡᠢ᠃ ᠡᠮᠴᠢ ᠶᠢᠨ ᠠᠳᠡᠬᠦᠤ ᠤᠨᠤᠰᠢᠯᠠᠵᠤ ᠭᠡᠭᠡᠭᠳᠡᠬᠦᠯᠤᠨ ᠤᠨᠤᠰᠢᠯᠠᠬᠤᠶᠢᠨ ᠤᠯᠠᠮ ᠠᠴᠠ | ᠡᠪᠡᠳᠴᠢᠨ ᠤ ᠪᠠᠶᠢᠳᠠᠯ ᠢ ᠰᠠᠭᠠᠳᠠᠭᠠᠬᠤ ᠠᠴᠠ ᠵᠠᠶᠢᠯᠠᠰᠬᠢᠬᠦ ᠶᠢᠨ ᠲᠤᠯᠠᠳᠠ᠂ ᠢᠯᠠᠩᠭᠤᠶ᠎ᠠ ᠡᠪᠡᠳᠴᠢᠨ ᠡᠮᠭᠡᠭ ᠤᠨ | ᠤᠨᠤᠰᠢᠯᠠᠯᠳᠠ ᠶᠢ ᠨᠦᠯᠤᠭᠡᠯᠡᠵᠤ ᠮᠡᠳᠡᠬᠦ ᠲᠤᠰ ᠡᠪᠡᠳᠴᠢᠨ ᠲᠠᠢ ᠬᠤᠯᠪᠤᠬᠳᠠᠬᠤ ᠠᠰᠠᠭᠤᠳᠠᠯ ᠢ ᠬᠠᠷᠢᠭᠤᠯᠬᠤ ᠳᠠᠭᠠᠨ | ᠵᠠᠪᠠᠯ ᠦᠨᠡᠨ ᠦᠭᠡ ᠭᠡᠯᠡᠬᠦ ᠬᠡᠷᠡᠭᠳᠠᠢ᠃ | | 7. ᠡᠮᠴᠢ ᠪᠠᠨ ᠪᠠᠶᠢᠨ ᠲᠠᠬᠢᠨ ᠰᠤᠯᠢᠬᠤ ᠦᠭᠡᠢ᠃ ᠮᠠᠰᠢ ᠤᠯᠠᠨ ᠤᠳᠠᠭᠠᠨ ᠴᠢᠨᠠᠷᠳᠠᠢ ᠡᠪᠡᠳᠴᠢᠨ ᠤ ᠵᠠᠰᠠᠯᠭ᠎ᠠ ᠳᠤ | ᠦᠢᠯᠡᠳᠤᠯ ᠨᠢ ᠵᠤᠬᠢᠬᠤ ᠬᠤᠭᠤᠴᠠᠭ᠎ᠠ ᠦᠡᠭᠭᠡᠷᠡᠪᠡᠯ ᠰᠠᠶ᠋ᠢ ᠢᠯᠡᠷᠡᠨ ᠭᠠᠷᠬᠤ ᠪᠦᠭᠡᠳ ᠡᠮᠨᠡᠬᠦ ᠬᠤᠭᠤᠴᠠᠭ᠎ᠠ ᠨᠢ | ᠬᠠᠷᠢᠴᠠᠩᠭᠤᠢ ᠪᠠᠷ ᠤᠷᠳᠤ ᠪᠠᠶᠢᠳᠠᠬ᠃ ᠡᠶᠢᠮᠤ ᠠᠴᠠ ᠬᠡᠳᠤᠨ ᠵᠦᠢᠯ ᠤᠨ ᠡᠮ ᠤᠨ ᠦᠢᠯᠡᠳᠤᠯ ᠨᠢ ᠢᠯᠡᠷᠭᠡᠢ ᠪᠢᠰᠢ | ᠪᠠᠶᠢᠪᠠᠯ ᠲᠡᠷᠠ ᠲᠠᠷᠤᠢ ᠡᠮᠴᠢ ᠪᠠᠨ ᠰᠤᠯᠢᠵᠤ ᠪᠤᠯᠬᠤ ᠦᠭᠡᠢ᠃ ᠡᠬᠦᠨ ᠠᠴᠠ ᠭᠠᠳᠠᠨ᠎ᠠ᠂ ᠡᠮᠴᠢ ᠠᠴᠠ ᠡᠪᠡᠳᠴᠢᠳᠠᠨ ᠤ | ᠡᠪᠡᠳᠴᠢᠨ ᠤ ᠪᠠᠶᠢᠳᠠᠯ ᠢ ᠪᠦᠬᠦ ᠲᠠᠯ᠎ᠠ ᠪᠠᠷ ᠤᠨᠤᠪᠴᠢᠳᠠᠢ ᠦᠢᠯᠠᠭᠠᠬᠤ ᠳᠤ ᠪᠠᠰᠠ ᠵᠤᠬᠢᠬᠤ ᠶᠠᠪᠤᠴᠠ ᠬᠡᠷᠡᠭᠰᠡᠨ᠎ᠠ᠂ | ᠬᠠᠷᠢᠨ ᠡᠮᠴᠢ ᠪᠤᠯᠭᠠᠨ ᠡᠪᠡᠳᠴᠢᠳᠠᠨ ᠤ ᠡᠪᠡᠳᠴᠢᠨ ᠤ ᠪᠠᠶᠢᠳᠠᠯ ᠢ 5 — 6 ᠮᠢᠨᠦ᠋ᠲ ᠤᠨ ᠲᠤᠳᠤᠷ᠎ᠠ | ᠪᠦᠷᠢᠮᠤᠰᠤᠨ ᠦᠢᠯᠠᠭᠠᠴᠢᠬᠠᠬᠤ ᠪᠢᠰᠢ ᠶᠤᠮ᠃ ᠡᠮᠴᠢ ᠪᠠᠨ ᠪᠠᠶᠢᠨ ᠲᠠᠬᠢᠨ ᠰᠤᠯᠢᠬᠤ ᠨᠢ ᠡᠮᠴᠢᠯᠡᠭᠡᠨ ᠤ ᠲᠠᠪᠬᠤᠷᠳᠠᠯ | ᠪᠠ ᠰᠠᠭᠠᠳᠠᠭᠠᠯ ᠢ ᠪᠤᠢ ᠪᠤᠯᠭᠠᠬᠤ ᠯᠡ ᠲᠡᠳᠤᠢ ᠶᠤᠮ᠃ | | 8. ᠲᠤᠷ᠎ᠠ ᠪᠠᠷ ᠢᠶᠠᠨ ᠡᠮ ᠬᠡᠷᠡᠭᠯᠡᠬᠦ ᠦᠭᠡᠢ᠃ ᠡᠪᠡᠳᠴᠢᠨ ᠡᠮᠭᠡᠭ ᠢ ᠤᠨᠤᠰᠢᠯᠠᠨ ᠵᠠᠰᠠᠬᠤ ᠶᠠᠪᠤᠴᠠ ᠳᠤ᠂ ᠡᠮᠴᠢᠡᠴᠠ | ᠡᠪᠡᠳᠴᠢᠳᠠᠨ ᠤ ᠪᠤᠳᠠᠭᠠᠯᠢ ᠪᠡᠶ᠎ᠠ ᠶᠢᠨ ᠵᠦᠷᠢᠶ᠎ᠠ ᠶᠢ ᠮᠠᠰᠢ ᠴᠢᠬᠤᠯᠠᠴᠢᠯᠠᠳᠠᠭ᠂ ᠡᠪᠡᠳᠴᠢᠯᠡᠭᠰᠡᠨ ᠰᠢᠯᠳᠠᠭᠠᠨ᠂ ᠴᠠᠭ᠂ | ᠭᠠᠵᠠᠷ᠂ ᠡᠪᠡᠳᠴᠢᠨ ᠤ ᠢᠯᠡᠷᠡᠯ ᠵᠡᠷᠭᠡ ᠶᠢᠨ ᠠᠳᠠᠯᠢ ᠪᠤᠰᠤ ᠠᠴᠠ ᠪᠤᠯᠵᠤ ᠡᠮᠨᠡᠨ ᠵᠠᠰᠠᠬᠤ ᠠᠷᠭ᠎ᠠ ᠪᠠ ᠡᠮ ᠨᠢ ᠴᠤ | ᠠᠳᠠᠯᠢ ᠦᠭᠡᠢ ᠪᠠᠶᠢᠳᠠᠬ᠃ ᠵᠠᠷᠢᠮ ᠬᠥᠮᠤᠨ ᠡᠮ ᠤᠤᠭᠤᠭᠠᠳ ᠡᠪᠡᠳᠴᠢᠨ ᠨᠢ ᠰᠠᠶᠢᠨ ᠪᠤᠯᠪᠠᠯ ᠲᠠᠷᠠᠭ᠎ᠠ ᠤᠳᠠᠭ᠎ᠠ | ᠠᠳᠠᠯᠢᠪᠳᠤᠷ ᠡᠪᠡᠳᠴᠢᠨ ᠳᠤ ᠬᠡᠷᠡᠭᠯᠡᠬᠦ ᠶᠢᠨ ᠲᠦᠬᠦᠮ ᠢ ᠪᠤᠳᠤᠵᠤ ᠡᠮ ᠤᠨ ᠨᠠᠷᠠ ᠪᠤᠶᠤ ᠵᠤᠷ ᠢ ᠨᠢ ᠲᠡᠮᠳᠡᠭᠯᠡᠨ | ᠠᠪᠳᠠᠭ︔ ᠡᠰᠡᠬᠦᠯ᠎ᠠ ᠪᠤᠰᠤᠳ ᠤᠨ ᠡᠪᠡᠳᠴᠢᠨ ᠤ ᠢᠯᠡᠷᠡᠯ ᠨᠢ ᠦᠪᠡᠷ ᠤᠨ ᠡᠪᠡᠳᠴᠢᠨ ᠤ ᠢᠯᠡᠷᠡᠯ ᠲᠠᠢ | ᠠᠳᠠᠯᠢᠪᠳᠤᠷ ᠪᠠᠶᠢᠪᠠᠯ᠂ ᠪᠤᠰᠤᠳ ᠤᠨ ᠵᠤᠷ ᠢᠶᠠᠷ ᠡᠮ ᠠᠪᠴᠤ ᠤᠤᠭᠤᠳᠠᠬ᠃ ᠢᠡᠭᠬᠢᠵᠤ ᠬᠢᠬᠦ ᠨᠢ ᠴᠦᠮ ᠪᠤᠷᠤᠭᠤ | ᠶᠤᠮ᠂ ᠴᠢᠨᠠᠭᠰᠢᠯᠠᠪᠠᠯ ᠮᠠᠰᠢ ᠠᠶᠤᠯᠳᠠᠢ ᠪᠠᠶᠢᠳᠠᠬ᠃ | | 9. ᠡᠪᠡᠳᠴᠢᠨ ᠤ ᠲᠡᠩᠰᠠ ᠮᠠᠲ᠋ᠧᠷᠢᠶᠠᠯ ᠢᠶᠠᠨ ᠠᠪᠴᠤ ᠤᠴᠢᠬᠤ ᠪᠠᠨ ᠪᠢᠳᠡᠭᠡᠢ ᠮᠠᠷᠳᠠᠭᠠᠷᠠᠢ᠃ ᠡᠪᠡᠳᠴᠢᠨ | ᠦᠵᠡᠬᠦᠯᠬᠦ ᠪᠤᠯᠭᠠᠨ ᠡᠮᠴᠢ ᠴᠦᠮ ᠡᠪᠡᠳᠴᠢᠨ ᠡᠮᠭᠡᠭ ᠤᠨ ᠲᠤᠬᠠᠢ ᠤᠨᠤᠰᠢᠯᠠᠬᠰᠠᠨ ᠪᠠ ᠰᠢᠢᠳᠪᠤᠷᠢᠯᠡᠭᠰᠡᠨ ᠰᠠᠨᠠᠯ | ᠭᠠᠷᠭᠠᠳᠠᠭ᠂ ᠡᠬᠦᠨ ᠠᠴᠠ ᠭᠠᠳᠠᠨ᠎ᠠ ᠪᠠᠰᠠ ᠪᠠᠶᠢᠴᠠᠭᠠᠯᠳᠠ ᠪᠠ ᠬᠢᠮᠢ ᠶᠢᠨ ᠵᠠᠳᠠᠯᠤᠯᠳᠡ ᠶᠢᠨ ᠦᠷ᠎ᠠ ᠳ᠋ᠦᠩ ᠪᠠᠶᠢᠳᠠᠬ᠃ | ᠡᠳᠡᠭᠡᠷ ᠮᠠᠲ᠋ᠧᠷᠢᠶᠠᠯ ᠨᠢ ᠴᠦᠮ ᠮᠠᠰᠢ ᠴᠢᠬᠤᠯᠠ ᠪᠠᠶᠢᠵᠤ᠂ ᠡᠮᠴᠢ ᠶᠢᠨ ᠲᠠᠷᠠᠭ᠎ᠠ ᠤᠳᠠᠭ᠎ᠠ ᠡᠪᠡᠳᠴᠢᠨ ᠦᠵᠡᠬᠦ ᠳᠤᠨᠢ | ᠯᠠᠪᠯᠠᠯᠳᠠ ᠪᠤᠯᠳᠠᠬ᠃ ᠡᠶᠢᠮᠤ ᠠᠴᠠ ᠡᠪᠡᠳᠴᠢᠨ ᠦᠵᠡᠬᠦᠯᠬᠦ ᠪᠦᠷᠢ ᠪᠠᠶᠢᠳᠠᠭ ᠡᠪᠡᠳᠴᠢᠨ ᠤ ᠲᠡᠩᠰᠠ ᠮᠠᠲ᠋ᠧᠷᠢᠶᠠᠯ | ᠢᠯᠠᠩᠭᠤᠶ᠎ᠠ ᠴᠢᠬᠤᠯᠠ ᠪᠠᠶᠢᠴᠠᠭᠠᠯᠳᠠ ᠶᠢᠨ ᠦᠷ᠎ᠠ ᠳ᠋ᠦᠩ ᠢᠶᠠᠨ ᠠᠪᠴᠤ ᠤᠴᠢᠬᠤ ᠡᠪᠡᠳᠴᠢᠳᠡᠨ ᠳᠤ ᠰᠠᠨᠠᠭᠤᠯᠤᠶ᠎ᠠ᠃ | | |