ᠡᠳᠦᠷ ᠪᠦᠷᠢ 4000 ᠠᠯᠬᠤᠮ ᠠᠯᠬᠤᠬᠤ ᠨᠢ ᠴᠡᠭᠡᠵᠢᠯᠡᠬᠦ ᠴᠢᠳᠠᠪᠣᠷᠢ ᠶᠢ ᠳᠡᠭᠡᠭᠰᠢᠯᠡᠬᠦᠯᠦᠨ᠎ᠡ
ᠨᠡᠶᠢᠲᠡᠯᠡᠭᠰᠡᠨ ᠴᠠᠭ᠄
2018/5/8
     ᠠᠮᠧᠷᠢᠺᠡ ᠶᠢᠨ ᠺᠠᠯᠫᠣᠷᠨᠢᠶ᠎ᠠ ᠵᠸᠦ ᠶᠡᠭᠡ ᠰᠣᠷᠭᠠᠭᠤᠯᠢ ᠶᠢᠨ ᠯᠠᠥᠰ ᠠᠩᠵᠣᠯᠣᠰ ᠤᠨ ᠬᠤᠪᠢᠶᠠᠷᠢ ᠰᠣᠷᠭᠠᠭᠤᠯᠢ‌‍ᠶᠢᠨ ᠨᠢᠭᠡ ᠲᠥᠷᠦᠯ ᠤᠨ ᠰᠣᠳᠣᠯᠭᠠᠨ ᠳᠤ ᠬᠡᠯᠡᠭᠰᠡᠨ ᠢᠶᠠᠷ᠂ 60 ᠨᠠᠰᠣᠨ ᠠᠴᠠ ᠳᠡᠭᠡᠭᠰᠢᠬᠢ ᠢᠳᠡᠷ  ᠥᠲᠡᠯᠦᠭᠡ ᠨᠠᠰᠣᠨ ᠤ ᠬᠥᠮᠦᠰ ᠡᠳᠦᠷ ᠪᠦᠷᠢ 4000 ᠠᠯᠬᠤᠮ ᠠᠯᠬᠤᠪᠠᠯ ᠠᠩᠬᠠᠷᠣᠯ ᠢᠶᠠᠨ ᠰᠠᠶᠢᠵᠢᠷᠠᠭᠤᠯᠵᠣ ᠴᠡᠭᠡᠵᠢᠯᠡᠬᠦ ᠴᠢᠳᠠᠪᠣᠷᠢ ᠪᠠᠨ ᠳᠡᠭᠡᠭᠰᠢᠯᠡᠬᠦᠯᠵᠦ ᠪᠣᠯᠣᠨ᠎ᠠ᠃              ᠬᠤᠶᠠᠷ ᠵᠢᠯ ᠤᠨ ᠬᠤᠭᠤᠴᠠᠭᠠᠨ ᠤ ᠰᠣᠳᠣᠯᠭᠠᠨ ᠳᠤ᠂ ᠰᠣᠳᠣᠯᠣᠭᠴᠢ 60 ᠨᠠᠰᠣᠨ ᠠᠴᠠ ᠳᠡᠭᠡᠭᠰᠢᠬᠢ᠂ ᠥᠪᠡᠷ ᠤᠨ ᠴᠡᠭᠡᠵᠢᠯᠡᠬᠦ ᠴᠢᠳᠠᠪᠣᠷᠢ ᠳᠤ ᠪᠠᠨ ᠬᠠᠷᠢᠴᠠᠩᠭᠤᠢ ᠬᠠᠨᠣᠮᠵᠢ ᠦᠭᠡᠢ ᠢᠳᠡᠷ ᠥᠲᠡᠯᠦᠭᠡ ᠨᠠᠰᠣᠨ ᠤ 29 ᠬᠦᠮᠦᠰ ᠢ ᠡᠯᠰᠡᠵᠦ᠂ ᠬᠤᠷᠳᠣᠳᠬᠠᠯ ᠤᠨ ᠬᠡᠮᠵᠢᠭᠦᠷ ᠢᠶᠠᠷ 7 ᠡᠳᠦᠷ ᠤᠨ ᠳᠣᠲᠣᠷᠠᠬᠢ ᠪᠡᠶ᠎ᠡ ᠮᠠᠬᠠᠪᠣᠳ ᠤᠨ ᠠᠵᠢᠯᠯᠠᠭ᠎ᠠ ᠶᠢ ᠮᠦᠷᠳᠡᠭᠰᠡᠨ ᠪᠦᠭᠡᠳ ᠲᠡᠳᠡᠨ ᠤ ᠡᠳᠦᠷ ᠪᠦᠷᠢ ᠶᠢᠨ ᠳᠣᠮᠳᠠᠴᠢ ᠠᠯᠬᠤᠮ ᠤᠨ ᠲᠤᠭ᠎ᠠ ᠶᠢ ᠳᠡᠮᠳᠡᠭᠯᠡᠪᠡ᠃            ᠣᠷᠣᠯᠴᠠᠭᠴᠢ ᠬᠤᠶᠠᠷ ᠳᠣᠭᠤᠶᠢᠯᠠᠩ ᠬᠤᠪᠢᠶᠠᠭᠳᠠᠵᠣ᠂ ᠨᠢᠭᠡ ᠳᠣᠭᠤᠶᠢᠯᠠᠩ ᠨᠢ ᠡᠳᠦᠷ ᠪᠦᠷᠢ 4000 ᠠᠯᠬᠤᠮ ᠠᠴᠠ ᠲᠡᠭᠡᠭᠰᠢ ᠠᠯᠬᠤᠵᠣ᠂ ᠨᠢᠭᠡ ᠳᠣᠭᠤᠶᠢᠯᠠᠩ ᠨᠢ 4000 ᠠᠯᠬᠤᠮ ᠠᠴᠠ ᠳᠣᠷᠣᠭᠰᠢ ᠠᠯᠬᠤᠨ᠂ ᠳᠠᠷᠠᠭ᠎ᠠ ᠨᠢ ᠶᠠᠪᠣᠭᠳᠠᠭᠤᠯᠣᠭᠰᠠᠨ ᠨᠢᠭᠡ ᠰᠢᠷᠢᠰ ᠮᠡᠳᠡᠷᠡᠯ ᠤᠨ ᠰᠡᠳᠬᠢᠴᠡ ᠶᠢᠨ ᠪᠠᠶᠢᠴᠠᠭᠠᠯᠲᠠ ᠪᠠ ᠰᠣᠷᠢᠨᠵᠢᠨ ᠲᠦᠷᠰᠦ ᠪᠦᠲᠦᠭᠡᠬᠦ ᠰᠢᠷᠪᠢᠯᠲᠠ ᠪᠠᠷ ᠢᠯᠡᠷᠡᠭᠦᠯᠦᠭᠰᠡᠨ ᠢᠶᠠᠷ᠂ ᠡᠳᠦᠷ ᠪᠦᠷᠢ 4000 ᠠᠯᠬᠤᠮ ᠠᠴᠠ ᠢᠯᠡᠭᠦᠦ ᠠᠯᠬᠤᠭᠰᠠᠨ ᠨᠢᠬᠡ ᠳᠣᠭᠤᠶᠢᠯᠠᠩ ᠬᠦᠮᠦᠰ ᠤᠨ ᠲᠠᠷᠢᠬᠢᠨ ᠬᠦᠩᠬᠦᠷ ᠤᠨ ᠪᠡᠶ᠎ᠡ ᠵᠢᠴᠢ ᠡᠷᠬᠢᠨ ᠲᠣᠭᠤᠷᠢᠨ ᠨᠢ 4000 ᠠᠯᠬᠤᠮ ᠬᠦᠷᠦᠭᠰᠡᠨ ᠦᠭᠡᠢ ᠬᠥᠮᠦᠰ ᠲᠠᠢ ᠬᠠᠷᠢᠴᠠᠭᠤᠯᠪᠠᠯ ᠵᠣᠵᠠᠭᠠᠷᠠᠭᠰᠠᠨ ᠪᠠᠶᠢᠨ᠎ᠠ᠃            ᠰᠣᠳᠣᠯᠣᠭᠴᠢ ᠶᠢᠨ ᠬᠡᠯᠡᠭᠰᠡᠨ ᠢᠶᠠᠷ᠂ ᠡᠳᠡᠭᠡᠷ ᠣᠷᠣᠨ ᠣᠯᠠᠮ ᠵᠣᠵᠠᠭᠠᠷᠠᠵᠣ᠂ ᠬᠥᠮᠦᠰ ᠤᠨ ᠠᠩᠬᠠᠷᠣᠯ ᠤᠨ ᠬᠦᠴᠦᠨ᠂ ᠮᠡᠳᠡᠭᠡ ᠵᠠᠩᠭᠢ ᠶᠢᠨ ᠰᠢᠢᠳᠪᠦᠷᠢᠯᠡᠬᠦ ᠬᠤᠷᠳᠣᠴᠠ ᠪᠠ ᠬᠡᠷᠡᠭᠵᠢᠬᠦᠯᠬᠦ ᠴᠢᠳᠠᠪᠣᠷᠢ ᠶᠢᠨ ᠲᠠᠯ᠎ᠠ ᠳᠤ ᠢᠷᠡᠯ ᠨᠢ ᠣᠯᠠᠮ ᠰᠠᠶᠢᠵᠢᠷᠠᠨ ᠲᠠᠨᠢᠨ ᠮᠡᠳᠡᠷᠡᠬᠦᠢ ᠶᠢᠨ ᠴᠢᠳᠠᠪᠣᠷᠢ ᠣᠯᠠᠮ ᠴᠢᠩᠭᠠᠷᠠᠵᠠᠢ᠃ ᠰᠢᠨ᠎ᠡ ᠰᠣᠳᠣᠯᠣᠯᠲᠠ              ︽Alzheimer ᠡᠪᠡᠳᠴᠢᠨ ᠤ ᠰᠡᠳᠬᠦᠯ︾ ᠳᠡᠭᠡᠷ᠎ᠡ ᠨᠡᠶᠢᠲᠡᠯᠡᠭᠳᠡᠪᠡ᠃
 
ᠢᠷᠡᠯᠲᠡ᠄ ᠪᠤᠭᠤᠲᠦ ᠬᠤᠲᠠ ᠶᠢᠨ ᠠᠷᠠᠳ ᠤᠨ ᠵᠠᠰᠠᠭ ᠤᠨ ᠤᠷᠳᠦᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号