ᠠᠮᠧᠷᠢᠺᠠ ᠶᠢᠨ ᠨᠢᠭᠡ ᠰᠤᠳᠤᠯᠭᠠᠨ ᠢᠶᠠᠷ ᠭᠠᠷᠠᠬ ᠲᠤ ᠠᠳᠠᠬ ᠲᠠᠭᠠᠨ ᠨᠢᠭᠡ ᠤᠳᠠᠭ᠎ᠠ ᠵᠢᠭᠠᠰᠤ ᠢᠳᠡᠳᠡᠭ | ᠬᠡᠦᠬᠡᠳ ᠤᠨ ᠨᠦᠢᠷ ᠨᠢ ᠰᠠᠶᠢᠨ ᠳᠡᠳᠦᠢ ᠦᠬᠡᠢ ᠪᠠᠰᠠ ᠤᠶᠤᠨ ᠴᠢᠳᠠᠪᠤᠷᠢ ᠨᠢ ᠨᠡᠮᠡᠭᠳᠡᠳᠡᠭ ᠭᠡᠵᠦ ᠭᠡᠷᠡᠴᠢᠯᠡᠵᠡᠢ᠃ | ᠲᠡᠶᠢᠨᠬᠦ ᠰᠤᠳᠤᠯᠭᠠᠲᠠᠳ ᠠᠴᠠ ᠬᠦᠮᠦᠰ ᠢ ᠬᠡᠦᠬᠡᠳ ᠲᠡᠭᠡᠨ ᠡᠷᠲᠡᠬᠡᠨ ᠵᠢᠭᠠᠰᠤ ᠢᠳᠡᠭᠦᠯᠬᠦ ᠶᠢ ᠰᠠᠨᠠᠭᠤᠯᠵᠦ ᠪᠤᠢ᠃ | ᠵᠠᠷᠢᠮ ᠰᠤᠳᠤᠯᠭᠠᠨ ᠢᠶᠠᠷ᠂ ᠵᠢᠭᠠᠰᠤᠨ ᠤ ᠲᠦᠷᠦᠯ ᠳᠤ ᠡᠯᠪᠡᠭ ᠠᠭᠤᠯᠠᠬᠳᠠᠬᠤ OMEGA-3 ᠦᠭᠡᠬᠦᠨ | ᠬᠦᠴᠢᠯ ᠨᠢ ᠬᠦᠮᠦᠨ ᠤ ᠲᠠᠨᠢᠨ ᠮᠡᠳᠡᠬᠦᠢ ᠴᠢᠳᠠᠪᠤᠷᠢ ᠶᠢ ᠳᠡᠭᠡᠭᠰᠢᠯᠡᠭᠦᠯᠵᠦ᠂ ᠨᠦᠢᠷ ᠢ ᠰᠠᠶᠢᠵᠢᠷᠠᠭᠤᠯᠳᠠᠬ ᠭᠡᠵᠦ | ᠭᠡᠷᠡᠴᠢᠯᠡᠵᠡᠢ᠃ ᠲᠡᠭᠡᠪᠡᠯ ᠵᠢᠭᠠᠰᠤ ᠢᠳᠡᠬᠦ ᠨᠢ ᠲᠠᠨᠢᠨ ᠮᠡᠳᠡᠬᠦᠢ ᠴᠢᠳᠠᠪᠤᠷᠢ ᠶᠢ ᠳᠡᠭᠡᠭᠰᠢᠯᠡᠬᠦᠯᠬᠦ ᠪᠠ ᠨᠦᠢᠷ | ᠰᠠᠶᠢᠵᠢᠷᠠᠭᠤᠯᠬᠤ ᠲᠠᠢ ᠴᠤᠬᠤᠮ ᠶᠠᠮᠠᠷ ᠬᠤᠯᠪᠤᠭ᠎ᠠ ᠲᠠᠢ ᠪᠤᠢ︖ ᠡᠭᠦᠨ ᠢ ᠲᠤᠳᠤᠷᠠᠭᠤᠯᠬᠤ ᠶᠢᠨ ᠳᠤᠯᠠᠲᠠ | ᠠᠮᠧᠷᠢᠺᠠ ᠶᠢᠨ ᠫᠧᠨᠰᠦ᠋ᠧᠶᠢᠨᠢᠶᠠ ᠶᠡᠭᠡ ᠰᠤᠷᠭᠠᠭᠤᠯᠢ ︵University of Pennsylvania︶ ᠶᠢᠨ | ᠰᠤᠳᠤᠯᠭᠠᠲᠠᠳ 9-11 ᠨᠠᠰᠤᠨ ᠤ ᠬᠤᠭᠤᠷᠤᠨᠳᠤᠬᠢ 541 ᠬᠡᠦᠬᠡᠳ ︵ᠬᠦᠦ 54% ᠶᠢ ᠡᠵᠡᠯᠡᠵᠦ᠂ ᠦᠬᠢᠨ | 46% ᠶᠢ ᠡᠵᠡᠯᠡᠵᠡᠢ︶ ᠢ ᠰᠤᠩᠭᠤᠵᠦ ᠰᠤᠳᠤᠯᠭ᠎ᠠ ᠬᠢᠵᠡᠢ᠃ | ᠰᠤᠳᠤᠯᠭᠠᠲᠠᠳ ᠠᠰᠠᠭᠤᠯᠲᠠ ᠬᠠᠷᠢᠭᠤᠯᠲᠠ ᠶᠢᠨ ᠬᠠᠭᠤᠳᠠᠰᠤ ᠪᠠᠷ ᠳᠠᠮᠵᠢᠨ ᠡᠳᠡᠭᠡᠷ ᠬᠡᠦᠬᠡᠳ ᠤᠨ | ᠦᠩᠭᠡᠷᠡᠭᠰᠡᠨ ᠰᠠᠷ᠎ᠠ ᠳᠤ ᠵᠢᠭᠠᠰᠤ ᠢᠳᠡᠭᠰᠡᠨ ᠪᠠᠶᠢᠳᠠᠯ ᠢ ᠤᠶᠢᠯᠠᠭᠠᠬᠤ ᠶᠢᠨ ᠬᠠᠮᠲᠤ ᠸᠠᠺᠠᠰᠯᠧᠷ ᠬᠡᠦᠬᠡᠳ ᠤᠨ | ᠤᠶᠤᠨ ᠤ ᠬᠡᠮᠵᠢᠭᠦᠷᠯᠢᠭ ︵Wechsler Intelligence Scale for Children︶ ᠢ ᠬᠡᠷᠡᠭᠯᠡᠨ | ᠳᠡᠳᠡᠨᠠᠷ ᠤᠨ ᠬᠡᠯᠡ ᠶᠠᠷᠢᠶᠠᠨ ᠤ ᠴᠢᠳᠠᠪᠤᠷᠢ ᠪᠤᠯᠤᠨ ᠬᠡᠯᠡ ᠶᠠᠷᠢᠶᠠᠨ ᠤ ᠪᠤᠰᠤ ᠴᠢᠳᠠᠪᠤᠷᠢ ᠶᠢ ᠰᠢᠯᠭᠠᠵᠠᠢ᠃ ᠪᠠᠰᠠ | ᠡᠳᠡᠭᠡᠷ ᠬᠡᠦᠬᠡᠳ ᠤᠨ ᠠᠪᠤ ᠡᠵᠢ ᠪᠠᠷ ᠨᠢ ᠤᠨᠲᠠᠬᠤ ᠴᠠᠬ᠂ ᠰᠦᠨᠢ ᠰᠡᠷᠢᠬᠦ ᠡᠰᠡᠬᠦ᠂ ᠡᠳᠦᠷ ᠨᠦᠢᠷᠮᠤᠭᠯᠠᠬᠤ ᠡᠰᠡᠬᠦ | ᠵᠡᠷᠭᠡ ᠠᠭᠤᠯᠭ᠎ᠠ ᠶᠢ ᠬᠠᠮᠤᠷᠠᠬᠰᠠᠨ ᠨᠦᠢᠷ ᠤᠨ ᠴᠢᠨᠠᠷ ᠴᠢᠨᠰᠠᠭ᠎ᠠ ᠲᠠᠢ ᠬᠤᠯᠪᠤᠬᠳᠠᠬᠤ ᠠᠰᠠᠭᠤᠯᠲᠠ ᠨᠤᠭᠤᠳ ᠢ | ᠬᠠᠷᠢᠭᠤᠯᠤᠭᠤᠯᠤᠬᠰᠠᠨ ᠪᠠᠶᠢᠨ᠎ᠠ᠃ | ᠰᠤᠳᠤᠯᠭᠠᠨ ᠤ ᠳ᠋ᠦᠩ ᠳᠤ᠂ ᠭᠠᠷᠠᠬ ᠪᠦᠷᠢ ᠵᠢᠭᠠᠰᠤ ᠢᠳᠡᠳᠡᠭ ᠬᠡᠦᠬᠡᠳ ᠤᠨ ᠤᠶᠤᠨ ᠤ ᠴᠢᠳᠠᠪᠤᠷᠢ ᠵᠢᠭᠠᠰᠤ | ᠴᠦᠭᠡᠨ ᠢᠳᠡᠳᠡᠭ ᠪᠤᠶᠤ ᠵᠢᠭᠠᠰᠤ ᠢᠳᠡᠳᠡᠭ ᠦᠭᠡᠢ ᠬᠡᠦᠬᠡᠳ ᠤᠨ ᠬᠢ ᠠᠴᠠ 4.8 ᠬᠤᠪᠢ ᠦᠨᠳᠦᠷ ᠪᠠᠶᠢᠬᠰᠠᠨ | ᠮᠦᠷᠲᠡᠭᠡᠨ ᠵᠢᠭᠠᠰᠤ ᠢᠳᠡᠬᠦ ᠪᠠᠨ ᠨᠡᠮᠡᠭᠳᠡᠬᠦᠯᠬᠦ ᠪᠠ ᠨᠦᠢᠷ ᠬᠤᠯᠵᠢᠬᠤ ᠶᠢ ᠨᠠᠮᠳᠠᠭᠠᠬᠤ ᠬᠤᠶᠠᠷ ᠬᠤᠯᠪᠤᠭ᠎ᠠ ᠲᠠᠢ ᠶᠢ | ᠢᠯᠡᠷᠡᠭᠦᠯᠵᠡᠢ᠃ ᠡᠶᠢᠨᠬᠦ ᠰᠤᠳᠤᠯᠭᠠᠲᠠᠳ ᠵᠢᠭᠠᠰᠤ ᠢᠳᠡᠬᠦ ᠨᠢ ᠨᠦᠢᠷ ᠢ ᠰᠠᠶᠢᠵᠢᠷᠠᠭᠤᠯᠬᠤ ᠶᠤᠮ ᠪᠠᠶᠢᠨ᠎ᠠ ᠭᠡᠵᠦ | ᠦᠵᠡᠵᠡᠢ᠃ ᠲᠤᠰ ᠰᠤᠳᠤᠯᠭᠠᠨ ᠵᠢᠭᠠᠰᠦ ᠢᠳᠡᠬᠦ ᠨᠢ ᠬᠦᠮᠦᠨ ᠤ ᠪᠡᠶ᠎ᠡ ᠶᠢᠨ ᠡᠷᠡᠬᠦᠯ ᠴᠢᠭᠢᠷᠠᠬ ᠲᠤ ᠠᠰᠢᠬᠲᠠᠢ | ᠭᠡᠳᠡᠭ ᠢ ᠤᠯᠠᠮ ᠪᠠᠲᠤᠲᠠᠢ ᠭᠡᠷᠡᠴᠢᠯᠡᠪᠡ᠂ ᠰᠤᠷᠲᠠᠯᠴᠢᠯᠠᠨ ᠳᠡᠯᠭᠡᠷᠡᠭᠦᠯᠬᠦ ᠶᠤᠰᠤᠲᠠᠢ᠃ ᠬᠦᠮᠦᠰ ᠬᠡᠦᠬᠡᠳ ᠲᠡᠭᠡᠨ10 | ᠰᠠᠷ᠎ᠠ ᠲᠠᠢ ᠠᠴᠠ ᠨᠢ ᠵᠢᠭᠠᠰᠤ ᠢᠳᠡᠭᠦᠯᠪᠡᠯ ᠵᠤᠬᠢᠨ᠎ᠠ ᠭᠡᠵᠦ ᠰᠤᠳᠤᠯᠭᠠᠲᠠᠳ ᠰᠠᠨᠠᠭᠤᠯᠵᠠᠢ᠃ |