ᠪᠠᠶᠢᠷᠢᠭᠤᠯᠵᠦ ᠪᠠᠶᠢᠭᠤᠯᠤᠭᠰᠠᠨ ᠬᠤᠪᠢᠰᠤᠯ
ᠨᠡᠶᠢᠲᠡᠯᠡᠭᠰᠡᠨ ᠴᠠᠭ᠄
2018/4/25
     ᠥᠨᠳᠥᠰᠣ ᠰᠣᠷᠪᠣᠯᠵᠢ ᠢ ᠨᠢ ᠡᠷᠢᠪᠡᠯ᠂ 1956 ᠣᠨ ᠤ 8 ᠰᠠᠷ᠎ᠠ ᠠᠴᠠ ᠡᠮᠣᠨ᠎ᠡ ᠴᠢᠩᠱᠠᠨ ᠲᠣᠭᠤᠷᠢᠭ ᠨᠢ ᠰᠢᠶᠠᠨ ︵ᠬᠤᠰᠢᠭᠤ᠂ ᠲᠣᠭᠤᠷᠢᠭ︶᠎ ᠠᠴᠠ ᠲᠡᠭᠡᠭᠰᠢ ᠲᠣᠰᠭᠠᠷ ᠵᠠᠰᠠᠭ ᠵᠠᠬᠢᠷᠭ᠎ᠠ ᠶᠢ ᠪᠠᠶᠢᠭᠤᠯᠵᠣ ᠥᠩᠭᠡᠷᠡᠭᠰᠡᠨ ᠥᠭᠡᠢ ᠪᠠᠶᠢᠵᠠᠢ᠃ ᠭᠡᠪᠡᠴᠣ ᠬᠤᠯᠪᠣᠭᠳᠠᠯ ᠪᠥᠬᠦᠢ ᠲᠡᠣᠭᠡ ᠶᠢᠨ ᠣᠯᠨ ᠮᠥᠷ ᠪᠠ ᠮᠠᠲ᠋ᠧᠷᠢᠶᠠᠯ ᠢ ᠰᠢᠨᠵᠢᠯᠡᠵᠣ ᠰᠣᠳᠣᠯᠣᠭᠰᠠᠨ ᠠᠴᠠ᠄ ᠠᠳᠠ ᠣᠣᠯ ᠨᠢ ᠲᠣᠮᠳᠠᠳᠣ ᠶᠢᠨ ᠥᠨᠳᠥᠰᠥᠳᠡᠨ ᠤ ᠣᠷᠣᠰᠢᠨ ᠲᠣᠭᠳᠠᠨᠢᠵᠣ ᠭᠥᠭᠵᠢᠭᠰᠡᠨ ᠭᠠᠵᠠᠷ ᠣᠷᠣᠨ ᠪᠣᠯᠬᠤ ᠪᠥᠭᠡᠳ ᠲᠣᠮᠳᠠᠳᠣ ᠣᠷᠣᠨ ᠤ ᠬᠢᠳᠡᠳ ᠥᠨᠳᠥᠰᠥᠳᠡᠨ ᠬᠢᠭᠡᠳ ᠣᠮᠠᠷᠠᠳᠣ ᠣᠷᠣᠨ ᠤ ᠨᠡᠭᠦᠳᠡᠯᠴᠢᠨ ᠥᠨᠳᠥᠰᠥᠳᠡᠨ ᠡᠭᠡᠯᠵᠢᠯᠡᠨ ᠡᠷᠭᠡᠰᠢᠶᠡᠵᠣ᠂ ᠡᠶ᠎ᠡ ᠨᠠᠶᠢᠷᠠᠮᠳᠠᠭᠤ ᠬᠠᠮᠳᠣ ᠣᠷᠣᠰᠢᠨ᠂ ᠨᠥᠭᠦᠷᠰᠡᠭ ᠶᠠᠪᠣᠯᠴᠠᠵᠣ᠂ ᠬᠠᠷᠢᠯᠴᠡᠨ ᠰᠣᠯᠢᠯᠴᠡᠨ᠂ ᠠᠭᠤᠰᠣᠯᠴᠠᠵᠣ᠂ ᠭᠠᠷ ᠬᠤᠯᠪᠣᠵᠣ ᠮᠥᠷᠣ ᠵᠡᠷᠭᠡᠴᠡᠨ ᠰᠢᠷᠭᠠᠭᠤ ᠬᠠᠳᠠᠭᠤᠵᠢᠯᠳᠠᠢ ᠣᠷᠣᠭᠰᠢᠯᠠᠭᠰᠠᠨ ᠭᠠᠵᠠᠷ ᠣᠷᠣᠨ ᠪᠣᠯᠬᠤ ᠶᠣᠮ᠃      1956 ᠣᠨ ᠤ 8 ᠰᠠᠷ᠎ᠡ ᠶᠢᠨ 18᠎ ᠤ ᠡᠳᠣᠷ᠂ ᠪᠣᠭᠤᠳᠣ ᠬᠤᠳᠠ ᠶᠢᠨ ᠠᠷᠠᠳ ᠤᠨ ᠬᠤᠷᠢᠶ᠎ᠠ ᠠᠴᠠ ᠣᠯᠣᠰ ᠤᠨ ᠭᠤᠣᠯᠳᠠᠯᠭᠠᠳᠣ ᠠᠵᠣ ᠥᠢᠯᠡᠳᠪᠥᠷᠢ ᠶᠢᠨ ᠲᠥᠷᠥᠯ ᠵᠥᠢᠯ —— ᠣᠯᠣᠰ ᠤᠨ ᠡᠵᠡᠩᠨᠡᠯᠳᠣ ᠥᠪᠥᠷ ᠮᠣᠩᠭᠤᠯ ᠤᠨ ᠨᠢᠬᠡᠳᠣᠭᠡᠷ ᠮᠠᠰᠢᠨ ᠥᠢᠯᠡᠳᠬᠦ ᠥᠢᠯᠡᠳᠪᠥᠷᠢ᠂ ᠬᠤᠶᠠᠳᠣᠭᠠᠷ ᠮᠠᠰᠢᠨ ᠥᠢᠯᠡᠳᠬᠦ ᠥᠢᠯᠡᠳᠪᠥᠷᠢ ᠎ ᠶᠢᠨ ᠥᠢᠯᠡᠳᠪᠥᠷᠢ ᠶᠢᠨ ᠲᠣᠭᠤᠷᠢᠭ ᠵᠢᠴᠢ ᠣᠷᠣᠨ ᠰᠠᠭᠤᠴᠨ ᠶᠢᠨ ᠲᠣᠭᠤᠷᠢᠭ ᠪᠠ ᠬᠤᠯᠪᠣᠭᠳᠠᠯ ᠪᠥᠬᠦᠢ ᠪᠠᠶᠢᠭᠤᠯᠭ᠎ᠠ ᠶᠢᠨ ᠣᠶᠢᠷ᠎ᠡ ᠬᠠᠪᠢ ᠳᠤ ᠪᠣᠭᠤᠳᠣ ᠬᠤᠳᠠ ᠶᠢᠨ ᠠᠷᠠᠳ ᠤᠨ ᠬᠤᠷᠢᠶ᠎ᠠ ᠶᠢᠨ ᠴᠢᠩᠱᠠᠨ ᠲᠣᠭᠤᠷᠢᠭ ᠤᠨ ᠬᠡᠷᠡᠭ ᠡᠷᠬᠢᠯᠡᠬᠦ ᠭᠠᠵᠠᠷ ᠢ ᠪᠠᠶᠢᠭᠤᠯᠬᠤ ᠪᠠᠷ ᠲᠣᠭᠳᠠᠭᠠᠭᠰᠠᠨ ᠪᠠᠶᠢᠨ᠎ᠠ᠃ ᠲᠣᠰ ᠵᠢᠯ ᠤᠨ 11 ᠰᠠᠷ᠎ᠡ ᠳᠤ᠂ ᠴᠢᠩᠱᠠᠨ ᠲᠣᠭᠤᠷᠢᠭ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠢ ᠬᠤᠷᠠᠯᠳᠣᠭᠤᠯᠵᠣ᠂ ᠰᠢᠶᠡᠨ ᠤ ᠲᠠᠰ ᠤᠨ ᠴᠢᠩᠱᠠᠨ ᠲᠣᠭᠤᠷᠢᠭ ᠤᠨ ᠠᠷᠠᠳ ᠤᠨ ᠬᠤᠷᠢᠶ᠎ᠡ ᠶᠢ ᠵᠢᠩᠬᠢᠨᠢ ᠪᠠᠷ ᠪᠠᠶᠢᠭᠤᠯᠵᠠᠢ᠃ ᠲᠡᠭᠦᠨ ᠤ ᠲᠠᠷᠠᠭ᠎ᠠ ᠳᠤᠨᠢ ᠴᠢᠩᠱᠠᠨ ᠲᠣᠭᠤᠷᠢᠭ ᠤᠨ ᠠᠷᠠᠳ ᠤᠨ ᠬᠤᠷᠢᠶ᠎ᠡ ᠨᠢ ᠲᠠᠬᠢᠨ ᠴᠢᠩᠱᠠᠨ ᠲᠣᠭᠤᠷᠢᠭ ᠤᠨ ᠬᠤᠪᠢᠰᠬᠠᠯ ᠤᠨ ᠵᠥᠪᠯᠡᠯ᠂ ᠴᠢᠩᠱᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠬᠡᠵᠣ ᠥᠭᠡᠷᠡᠴᠢᠯᠡᠨ ᠨᠡᠷᠡᠶᠢᠳᠴᠣ᠂ 2016 ᠣᠨ ᠤ ᠡᠴᠣᠰ ᠪᠣᠯᠳᠠᠯ᠎ᠠ᠂ ᠴᠢᠩᠱᠠᠨ ᠲᠣᠭᠤᠷᠢᠭ ᠨᠢ ᠶᠡᠷᠣ ᠠᠴᠠ ᠪᠠᠨ ᠪᠣᠭᠤᠳᠣ ᠬᠤᠳᠠ ᠳᠤ ᠬᠠᠷᠢᠶᠠᠯᠠᠭᠳᠠᠳᠠᠭ᠃
 
ᠢᠷᠡᠯᠲᠡ᠄ ᠴᠢᠩᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号