ᠨᠢᠭᠡ᠂ ᠮᠤᠩᠭᠤᠯ ᠡᠮᠡᠭᠡᠯ ᠤᠨ ᠡᠭᠦᠰᠦᠯ ᠭᠦᠭᠵᠢᠯ | ᠮᠤᠩᠭᠤᠯ ᠦᠨᠳᠦᠰᠦᠳᠡᠨ ᠢ ︽ᠮᠤᠷᠢᠳᠡᠨ ᠦᠨᠳᠦᠰᠦᠳᠡᠨ︾᠂ ︽ᠮᠤᠷᠢᠨ ᠨᠢᠷᠤᠭᠤᠨ ᠳᠡᠭᠡᠷᠡᠭᠢ | ᠦᠨᠳᠦᠰᠦᠳᠡᠨ︾ ᠭᠡᠵᠦ ᠡᠷᠳᠡᠨ ᠠᠴᠠ ᠪᠠᠨ ᠳᠠᠭᠤᠳᠠᠵᠦ᠂ ᠳᠠᠭᠤᠯᠠᠵᠦ᠂ ᠨᠡᠷᠡᠯᠡᠭᠰᠡᠭᠡᠷ ᠢᠷᠡᠭᠰᠡᠡ ᠨᠢ ᠦᠨᠡᠨ᠃ | ᠤᠴᠢᠷ ᠨᠢ ᠮᠤᠩᠭᠤᠯ ᠤᠨ ᠦᠨᠳᠦᠷᠯᠢᠭ ᠲᠠᠬᠢ ᠨᠡᠭᠦᠳᠡᠯᠴᠢᠨ ᠮᠤᠩᠭᠤᠯᠴᠤᠳ ᠳᠡᠯᠡᠭᠡᠢ ᠶᠢᠨ ᠭᠡᠰᠡᠭ ᠭᠠᠵᠠᠷ | ᠤᠷᠤᠨ ᠠᠴᠠ ᠬᠠᠷᠢᠴᠠᠩᠭᠤᠢ ᠪᠠᠷ ᠡᠷᠳᠡ ᠵᠡᠷᠯᠢᠭ ᠠᠳᠤᠭᠤ ︵ᠬᠤᠯᠠᠨ︶ ᠶᠢ ᠭᠠᠷᠰᠢᠭᠤᠯᠤᠨ ᠦᠢᠯᠡᠳᠪᠦᠷᠢᠯᠡᠯ | ᠠᠮᠢᠳᠤᠷᠠᠯ ᠪᠠ ᠳᠠᠶᠢᠨ ᠪᠠᠶᠢᠯᠳᠤᠭᠠᠨ ᠳᠤ ᠠᠰᠢᠬᠯᠠᠬᠰᠠᠠ ᠢ ᠡᠷᠳᠡᠮᠳᠡᠳ ᠨᠢᠭᠡᠨᠳᠡ ᠨᠤᠳᠠᠯᠠᠭᠰᠠᠠ ᠪᠦᠭᠡᠳ 13 | ᠳ᠋ᠤᠭᠠᠷ ᠵᠠᠭᠤᠨ ᠳᠤ ᠴᠢᠩᠭᠢᠰ ᠮᠤᠩᠭᠤᠯ ᠮᠤᠷᠢᠨ ᠤ ᠠᠯᠮᠠᠰ ᠳᠤᠭᠤᠷᠠᠢ ᠪᠠᠷ ᠠᠽᠢᠶ᠎ᠡ ᠡᠸᠦ᠋ᠷᠦᠫᠠ ᠶᠢᠨ ᠤᠯᠤᠰ | ᠭᠦᠷᠦᠨ ᠢ ᠨᠢᠭᠡᠨ ᠵᠢᠯᠤᠭᠤᠨ ᠳᠤ ᠬᠤᠷᠢᠶᠠᠵᠦ᠂ ᠮᠤᠩᠭᠤᠯ ᠳᠤᠭᠤᠷᠭᠠᠳᠠᠨ ᠤ ᠨᠢᠭᠡᠳᠦᠭᠰᠡᠡ ᠶᠡᠭᠡ ᠳᠤᠯᠭᠤᠷ ᠳᠦᠷᠦ ᠶᠢ | ᠪᠠᠶᠢᠭᠤᠯᠤᠬᠰᠠᠠ ᠨᠢ ᠨᠢᠭᠡᠨᠳᠡ ᠳᠡᠯᠡᠭᠡᠢ ᠶᠢᠨ ᠳᠡᠤᠭᠡ ᠶᠢᠨ ᠨᠢᠭᠡᠨ ᠭᠠᠶᠢᠬᠠᠮᠰᠢᠭ ᠪᠤᠯᠤᠬᠰᠠᠠ ᠶᠤᠮ᠃ ᠳᠡᠭᠡᠪᠡᠯ | ᠮᠤᠩᠭᠤᠯᠴᠤᠳ ᠡᠨᠡᠭᠦ ᠨᠢᠭᠡᠨ ᠦᠨᠳᠦᠰᠦᠳᠡᠨ ᠢ ᠭᠦᠴᠦᠷᠭᠡᠭᠵᠢᠭᠦᠯᠦᠨ ᠪᠤᠶᠢᠵᠢᠭᠤᠯᠤᠭᠰᠠᠠ ᠰᠢᠳᠢᠳᠦ ᠦᠯᠦᠭᠡᠢ | ᠪᠤᠯᠬᠤ ︽ᠡᠮᠡᠭᠡᠯ︾ ᠭᠡᠭᠴᠢ ᠶᠢ ᠴᠤᠬᠤᠮ ᠠᠯᠢ ᠴᠠᠭ ᠦᠶ᠎ᠡ ᠠᠴᠠ ᠡᠭᠢᠯᠡᠨ ᠭᠡᠷᠡᠭᠯᠡᠭᠰᠡᠡ ᠪᠡ ᠮᠤᠩᠭᠤᠯᠴᠤᠳ ᠤᠨ | ᠮᠤᠷᠢᠨ ᠡᠮᠡᠭᠡᠯ ᠤᠨ ᠤᠷ᠎ᠡ ᠳᠠᠷᠬ᠎ᠠ ᠭᠦᠭᠵᠢᠭᠡᠳ ᠶᠠᠮᠠᠷ ᠭᠡᠮᠵᠢᠶᠡᠨ ᠳᠤ ᠭᠦᠷᠦᠭᠰᠡᠡ ᠳᠤᠬᠠᠢ ᠰᠤᠨᠢᠭᠤᠴᠢᠯᠠᠮᠠᠷ ᠪᠠᠶᠢᠨ᠎ᠠ᠃ | ᠵᠡᠷᠢᠮ ᠡᠷᠳᠡᠮᠳᠡᠳ ᠡᠮᠡᠭᠡᠯ ᠢ ︽ᠨᠡᠶᠢᠳᠡ ᠶᠢᠨ ᠤᠨ ᠳᠤᠭᠠᠯᠠᠯ ᠠᠴᠠ ᠡᠮᠤᠨ᠎ᠡ 6000 ᠤᠨ ᠤ ᠦᠶ᠎ᠠ ᠪᠠᠷ | ᠡᠷᠳᠡᠨ ᠤ ᠪᠠᠪᠢᠯᠤᠨᠢᠶᠠ᠂ ᠠᠰᠰᠢᠷᠢᠶᠠ ᠶᠢᠨ ᠪᠤᠯᠪᠠᠰᠤᠨ ᠡᠭᠦᠰᠦᠭᠰᠡᠡ ᠳᠢᠭᠷᠢᠰ ᠭᠤᠤᠯ ᠤᠨ ᠤᠷᠤᠰᠬᠠᠯ ᠳᠠᠭᠠᠤ ᠳᠠᠬᠢ | ᠠᠰᠰᠢᠷᠢᠶᠠ ᠳᠤ ᠬᠠᠮᠤᠭ ᠠᠩᠬᠠᠨ ᠤ ᠡᠮᠡᠭᠡᠯ ᠭᠡᠷᠡᠭᠯᠡᠭᠳᠡᠵᠦ᠂ ᠤᠨ ᠳᠤᠭᠠᠯᠠᠯ ᠠᠴᠠ ᠡᠮᠤᠨᠡᠭᠢ700 ᠤᠨ ᠤ ᠦᠶ᠎ᠡ | ᠪᠤᠯᠵᠦ ᠢᠷᠡᠭᠡᠳ ᠰᠠᠶ᠋ᠢ ᠪᠠᠷᠠᠭᠤᠨ ᠡᠸᠦ᠋ᠷᠦᠫᠠ ᠪᠠᠷ ᠳᠦᠷᠦᠭᠡ ᠭᠡᠷᠡᠭᠯᠡᠭᠳᠡᠵᠤ ᠡᠭᠢᠯᠡᠭᠡᠳ ᠠᠭᠠᠵᠢᠮ ᠢᠶᠠᠷ | ᠳᠦᠭᠡᠮᠡᠯᠵᠢᠯᠡᠭᠳᠡᠪᠡ︾ ᠭᠡᠵᠦ ᠦᠵᠡᠵᠦ ᠪᠤᠢ᠃ ᠵᠠ᠂ ᠶᠠᠭᠤ ᠴᠤ ᠪᠤᠯᠳᠤᠭᠠᠢ︕ ᠳᠡᠷᠡ ᠪᠦᠭᠦᠨ ᠨᠢ ᠬᠠᠷᠢ | ᠭᠦᠨᠳᠡᠯᠡᠨ ᠤ ᠯᠠ ᠤᠴᠢᠷ ᠶᠤᠮ ᠪᠠᠶᠢᠨ᠎ᠠ᠃ ᠳᠡᠭᠡᠪᠡᠯ ᠮᠠᠨ ᠤ ᠨᠡᠭᠦᠳᠡᠯᠴᠢᠨ ᠮᠤᠩᠭᠤᠯᠴᠤᠳ ᠴᠤᠬᠤᠮ ᠠᠯᠢ ᠴᠠᠭ | ᠦᠶ᠎ᠡ ᠠᠴᠠ ᠡᠮᠡᠭᠡᠯ ᠲᠠᠢ ᠪᠤᠯᠤᠭᠰᠠᠠ ᠶᠤᠮ ᠪᠤᠯ︖ | ᠪᠢᠳᠡ ᠦᠰᠦᠭ ᠪᠢᠴᠢᠭ ᠤᠨ ᠳᠡᠮᠳᠡᠭᠯᠡᠯ ᠦᠭᠡᠢ ᠵᠠᠭᠤᠨ ᠵᠠᠭᠤᠨ ᠤ ᠳᠡᠤᠭᠡ ᠰᠤᠶᠤᠯ ᠢᠶᠠᠨ ᠡᠪᠦᠭᠡ | ᠳᠡᠭᠡᠳᠦᠰ ᠤᠨ ᠦᠯᠡᠳᠡᠭᠡᠭᠰᠡᠡ ᠬᠠᠳᠠᠨ ᠵᠢᠷᠤᠭ ᠪᠡ ᠳᠡᠤᠭᠡ ᠳᠤᠷᠠᠰᠬᠠᠯ ᠤᠨ ᠡᠳ᠋ ᠦᠯᠦᠭ ᠠᠴᠠ ᠨᠠᠷᠢᠰᠬᠠᠨ | ᠰᠤᠳᠤᠯᠳᠠᠭ᠃ ᠡᠨᠡᠭᠦ ᠵᠠᠩ ᠵᠢᠷᠤᠮ ᠢᠶᠠᠷ ᠡᠮᠡᠭᠡᠯ ᠭᠡᠵᠢᠶ᠎ᠡ ᠪᠤᠢ ᠪᠤᠯᠤᠬᠰᠠᠠ ᠢ ᠮᠡᠳᠡᠶ᠎ᠡ ᠭᠡᠪᠡᠯ ᠶᠠᠭᠤᠨ ᠤ ᠤᠷᠢᠳ | ᠮᠤᠩᠭᠤᠯ ᠤᠷᠤᠨ ᠤ ᠡᠷᠳᠡᠨ ᠤ ᠬᠠᠳᠠᠨ ᠵᠢᠷᠤᠭ ᠠᠴᠠ ᠬᠠᠶᠢᠬᠤ ᠴᠢᠬᠤᠯᠠ ᠲᠠᠢ ᠪᠠᠶᠢᠬᠤ ᠭᠡᠵᠦ ᠪᠤᠳᠤᠭᠠᠳ | ᠰᠤᠷᠪᠤᠯᠵᠢᠯᠠᠬᠴᠢ ᠤᠷᠴᠢᠮ ᠳᠤ ᠰᠢᠯᠢ ᠶᠢᠨ ᠭᠤᠤᠯ ᠠᠶᠢᠮᠠᠬ ᠤᠨ ᠰᠦᠨᠢᠳ ᠵᠡᠭᠦᠨ ᠬᠤᠰᠢᠭᠤᠨ ᠤ ᠠᠵᠢᠯ ᠠᠴᠠ ᠪᠠᠨ | ᠠᠮᠠᠷᠠᠬᠰᠠᠠ ᠠᠬᠠᠮᠠᠳ ᠺᠡᠳ᠋ᠷ᠂ ᠮᠠᠨ ᠤ ᠤᠷᠤᠨ ᠤ ᠬᠠᠳᠠᠨ ᠵᠢᠷᠤᠭ ᠤᠨ ᠨᠡᠷᠡᠳᠦ ᠰᠤᠳᠤᠯᠭᠠᠳᠠᠨ ᠳ᠋᠊ · ᠴᠠᠭᠠᠨ | ᠪᠠᠭᠰᠢ ᠶᠢ ᠰᠤᠷᠪᠤᠯᠵᠢᠯᠠᠵᠦ ᠪᠢᠯᠡ᠃ ᠳ᠋᠊ · ᠴᠠᠭᠠᠨ᠄ ︽ᠬᠠᠳᠠᠨ ᠵᠢᠷᠤᠭ ᠠᠴᠠ ᠨᠢᠬᠳᠠᠯᠠᠪᠠᠯ ᠮᠤᠷᠢᠨ ᠤ ᠳᠤᠬᠤᠰᠢ᠂ | ᠳᠦᠷᠦᠭᠡ᠂ ᠡᠮᠡᠭᠡᠯ ᠨᠢ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ ᠭᠦᠷᠡᠯ ᠵᠠᠪᠰᠡᠭ ᠤᠨ ᠦᠶ᠎ᠡ ᠭᠦᠷᠳᠡᠯᠡᠭᠢ | ᠬᠤᠭᠤᠴᠠᠭᠠᠨ ᠳᠤ ᠠᠭᠠᠵᠢᠮ ᠢᠶᠠᠷ ᠪᠦᠷᠢᠯᠳᠦᠵᠦ ᠬᠤᠵᠢᠮ ᠨᠢ ᠤᠳᠤ ᠶᠢᠨ ᠡᠮᠡᠭᠡᠯ ᠰᠢᠭ ᠳᠦᠯᠦᠪᠰᠢᠷᠡᠭᠰᠡᠡ | ᠪᠠᠶᠢᠳᠠᠯ ᠲᠠᠢ᠃ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠬᠠᠳᠠᠨ ᠵᠢᠷᠤᠭ ᠲᠠᠬᠢ ᠮᠤᠷᠢ ᠤᠨᠤᠬᠰᠠᠠ ᠭᠦᠮᠦᠨ ᠤ | ᠭᠦᠯ ᠨᠢ ᠮᠤᠷᠢᠨ ᠤ ᠭᠡᠳᠡᠰᠤᠨ ᠠᠴᠠ ᠳᠤᠷᠤᠬᠰᠢ ᠤᠨᠵᠢᠭᠢᠨᠡᠬᠰᠡᠡ ᠬᠠᠷᠠᠬᠳᠠᠨ᠎ᠠ᠃ ᠳᠡᠭᠦᠨ ᠠᠴᠠ ᠬᠤᠵᠢᠭᠤ | ᠦᠶ᠎ᠡ ᠶᠢᠨ ᠬᠠᠳᠠᠨ ᠵᠢᠷᠤᠬ ᠲᠠᠬᠢ ᠮᠤᠷᠢ ᠤᠨᠤᠬᠰᠠᠠ ᠭᠦᠮᠦᠨ ᠤ ᠭᠦᠯ ᠨᠢ ᠦᠵᠡᠭᠳᠡᠭᠦ ᠪᠠᠨ ᠪᠤᠯᠢᠪᠡ᠃ ᠡᠭᠦᠨ ᠠᠴᠠ | ᠦᠵᠡᠭᠦ ᠳᠤ ᠳᠦᠷᠦᠭᠦᠨ ᠤ ᠭᠢᠨᠢ ᠵᠠᠶᠢᠳᠠᠩ ᠤᠨᠤᠬᠰᠠᠠ ᠭᠦᠮᠦᠨ᠂ ᠰᠡᠭᠦᠯ ᠤᠨ ᠭᠢᠨᠢ ᠳᠦᠷᠦᠭᠡ ᠲᠠᠢ ᠳᠤᠬᠤᠰᠢ ᠪᠤᠶᠤ | ᠡᠮᠡᠭᠡᠯ ᠲᠠᠢ ᠤᠨᠤᠬᠰᠠᠠ ᠭᠦᠮᠦᠨ ᠭᠡᠵᠦ ᠤᠢᠢᠯᠠᠭᠠᠨ᠎ᠠ᠃ ᠬᠠᠳᠠᠨ ᠵᠢᠷᠤᠭ ᠪᠠ ᠬᠠᠭᠤᠴᠢ ᠰᠤᠳᠤᠯᠭᠠᠨ ᠠᠴᠠ | ᠦᠵᠡᠭᠦ ᠳᠤ ᠮᠤᠩᠭᠤᠯᠴᠤᠳ ᠮᠤᠷᠢ ᠶᠢ ᠭᠠᠷᠰᠢᠭᠤᠯᠤᠭᠰᠠᠠ ᠤ ᠳᠠᠷᠠᠭ᠎ᠠ ᠳᠡᠮᠡᠢ ᠤᠳᠠᠬᠰᠠᠠ ᠦᠭᠡᠢ ᠮᠤᠷᠢᠨ | ᠨᠢᠷᠤᠭᠤᠨ ᠳᠤ ᠠᠮᠢᠳᠠᠨ ᠤ ᠠᠷᠠᠰᠤ ᠪᠤᠶᠤ ᠦᠰᠦ ᠨᠤᠤᠰᠤᠨ ᠳᠤᠬᠤᠮ ᠳᠤᠬᠤᠰᠢ ᠳᠤᠬᠤᠵᠦ᠂ ᠳᠠᠷᠠᠭ᠎ᠠ ᠨᠢ ᠳᠡᠭᠡᠰᠤ᠂ | ᠮᠤᠳᠤ ᠪᠤᠶᠤ ᠶᠠᠰᠤ ᠵᠡᠷᠭᠡ ᠬᠠᠳᠠᠭᠤ ᠪᠦᠭᠡᠯᠢᠭ ᠶᠠᠭᠤᠮ᠎ᠠ ᠪᠠᠷ ᠳᠦᠷᠦᠭᠡ ᠵᠤᠭᠢᠶᠠᠵᠠᠢ᠃ ᠭᠦᠷᠡᠯ ᠵᠠᠪᠰᠡᠭ ᠤᠨ ᠦᠶ᠎ᠡ | ᠭᠦᠷᠴᠤ ᠢᠷᠡᠭᠡᠳ ᠳᠡᠮᠤᠷ ︵ᠭᠦᠷᠡᠯ︶ ᠳᠦᠷᠦᠭᠡ ᠲᠠᠢ ᠮᠤᠳᠤᠨ ᠡᠮᠡᠭᠡᠯ ᠳᠤᠬᠤᠬᠤ ᠪᠤᠯᠤᠬᠰᠠᠠ ᠨᠢ ᠳᠤᠳᠤᠷᠬᠠᠢ | ᠪᠠᠶᠢᠨ᠎ᠠ︕︾ ᠭᠡᠵᠦ ᠶᠡᠷᠢᠯ᠎ᠡ᠃ | ᠳᠡᠶᠢᠮᠤ ᠡ᠂ ᠭᠡᠷᠡᠭ ᠪᠤᠳᠠᠰ ᠤᠨ ᠭᠦᠭᠵᠢᠯ ᠤᠨ ᠵᠢᠮ᠎ᠡ ᠬᠠᠤᠯᠢ ᠶᠢᠨ ᠳᠠᠭᠠᠤ ᠮᠠᠭᠠᠳᠯᠠᠯᠳᠠ ᠭᠢᠭᠰᠡᠡ ᠴᠤ | ᠮᠠᠨ ᠤ ᠤᠳᠤ ᠶᠢᠨ ᠭᠠᠩᠭᠠᠩ ᠡᠮᠡᠭᠡᠯ ᠨᠢ ᠠᠩᠬ᠎ᠠ ᠳᠦᠭᠦᠮ ᠳᠤᠬᠤᠮ ᠳᠤᠬᠤᠰᠢ ᠶᠢᠨ ᠤᠷᠤᠨᠴᠠᠬ ᠠᠴᠠ | ᠡᠭᠢᠯᠡᠭᠰᠡᠡ ᠨᠢ ᠯᠠᠪᠳᠠᠢ᠃ ᠳᠡᠭᠡᠭᠡᠳ ᠮᠤᠷᠳᠡᠵᠦ ᠪᠠᠭᠤᠬᠤ ᠳᠤ ᠳᠦᠭᠦᠮ ᠪᠦᠭᠡᠳ ᠮᠤᠷᠢᠨ ᠨᠢᠷᠤᠭᠤᠨ ᠳᠡᠭᠡᠷ᠎ᠡ ᠪᠠᠶ᠎ᠠ | ᠰᠡᠳᠭᠢᠯ ᠯᠠᠪᠳᠠᠭᠤᠨ ᠳᠤᠭᠳᠠᠭᠤᠨ ᠪᠠᠶᠢᠵᠦ᠂ ᠡᠷᠭᠢᠵᠦ ᠤᠷᠪᠠᠵᠦ ᠬᠠᠷᠠᠬᠤ ᠪᠤᠶᠤ ᠪᠦᠭᠦ᠋ᠢᠵᠦ ᠭᠡᠳᠡᠶᠢᠵᠦ ᠪᠤᠯᠬᠤ | ᠪᠤᠯᠤᠮᠵᠢᠳᠠᠢ᠂ ᠭᠠᠷ ᠰᠤᠯᠠ ᠴᠢᠯᠦᠭᠡᠳᠠᠢ ᠠᠵᠢᠯᠯᠠᠬᠤ ᠱᠠᠭᠠᠷᠳᠠᠯᠭ᠎ᠠ ᠠᠴᠠ ᠳᠤᠬᠤᠮ ᠳᠤᠬᠤᠰᠢ ᠶᠢᠨ ᠳᠡᠭᠡᠷ᠎ᠡ ᠳᠦᠷᠦᠭᠡ | ᠵᠤᠭᠢᠶᠠᠬᠳᠠᠬᠰᠠᠠ ᠯᠡ ᠪᠠᠶᠢᠬ᠎ᠠ᠃ ᠳᠠᠷᠠᠭ᠎ᠠ ᠨᠢ ᠮᠤᠷᠢᠨ ᠳᠤ ᠮᠤᠷᠳᠠᠬᠤ ᠪᠤᠶᠤ ᠮᠤᠷᠢᠨ ᠠᠴᠠ ᠪᠠᠭᠤᠬᠤ ᠳᠤ | ᠪᠠᠷᠢᠳᠠᠯ ᠲᠠᠢ ᠪᠦᠭᠡᠳ ᠮᠤᠷᠢᠨ ᠨᠢᠷᠤᠭᠤᠨ ᠳᠡᠭᠡᠷ᠎ᠡ ᠤᠳᠠᠭᠠᠨ ᠰᠠᠭᠤᠵᠦ᠂ ᠠᠯᠤᠰ ᠬᠤᠯᠠ ᠠᠶᠠᠯᠠᠬᠤ ᠳᠤ | ᠳᠦᠰᠢᠭ ᠲᠠᠢ ᠮᠦᠷᠳᠡᠭᠡᠨ ᠳᠠᠪᠠᠯᠠᠭᠤᠬᠠᠨ ᠪᠠᠶᠢᠬᠤ ᠭᠡᠷᠡᠭᠴᠡᠭᠡ ᠱᠠᠭᠠᠷᠳᠠᠯᠭ᠎ᠠ ᠠᠴᠠ ᠡᠭᠦᠰᠴᠤ ᠪᠦᠭᠦᠷᠭᠡ ᠲᠠᠢ ᠡᠮᠡᠭᠡᠯ | ᠪᠤᠢ ᠪᠤᠯᠤᠬᠰᠠᠠ ᠨᠢ ᠵᠠᠶᠢᠯᠠᠰᠢ ᠦᠭᠡᠢ᠃ ᠡᠭᠦᠨ ᠳᠤ ᠳᠦᠷᠦᠭᠡ ᠨᠢ ᠪᠦᠳᠦᠭᠦᠯᠢᠭ ᠡᠪᠡᠰᠤᠨ ᠳᠡᠭᠡᠰᠤ | ᠪᠠᠶᠢᠬᠰᠠᠠ ᠠᠴᠠ ᠪᠠᠨ ᠮᠤᠳᠤ᠂ ᠶᠠᠰᠤ ᠪᠠᠷ ᠤᠷᠤᠯᠠᠬᠳᠠᠵᠦ᠂ ᠳᠠᠷᠠᠭ᠎ᠠ ᠨᠢ ᠳᠠᠮᠤᠷ᠂ ᠭᠦᠷᠡᠯ᠂ ᠭᠠᠤᠯᠢ᠂ ᠪᠦᠷ ᠰᠡᠭᠦᠯ ᠳᠡᠭᠡᠨ | ᠠᠯᠳᠠ ᠮᠦᠩᠭᠦᠨ ᠳᠦᠷᠦᠭᠡ ᠲᠠᠢ ᠪᠤᠯᠵᠦ᠂ ᠬᠠᠨᠭ᠍ᠭᠠᠢ ᠮᠤᠳᠤᠨ ᠡᠮᠡᠭᠡᠯ ᠨᠢ ᠨᠡᠩ ᠭᠤᠶᠤ ᠳᠠᠪᠢᠰ ᠪᠡ ᠭᠦᠯᠢᠮ ᠵᠡᠷᠭᠡ | ᠳᠤᠨᠤᠬᠯᠠᠯ ᠲᠠᠢ ᠪᠤᠯᠤᠬᠰᠠᠠ ᠪᠤᠶᠤ ᠡᠮᠡᠭᠡᠯ ᠤᠨ ᠮᠤᠳᠤ ᠨᠢ ᠦᠪᠴᠢ ᠠᠯᠳᠠ ᠪᠠᠷ ᠭᠠᠳᠠᠷᠯᠠᠬᠳᠠᠭᠰᠠᠠ ᠭᠡᠮᠵᠢᠶᠡᠨ ᠳᠤ | ᠭᠦᠷᠳᠡᠯ᠎ᠡ ᠭᠦᠭᠵᠢᠭᠰᠡᠡ ᠪᠠᠶᠢᠨ᠎ᠠ᠃ ᠮᠤᠩᠭᠤᠯᠴᠤᠳ ᠤᠨ ᠮᠤᠷᠢᠨ ᠡᠮᠡᠭᠡᠯ ᠨᠢ ᠭᠦᠩᠭᠡᠨ ᠳᠦᠭᠦᠮ ᠭᠡᠯᠪᠡᠷᠢ ᠶᠢᠨ | ᠪᠠᠶᠢᠬᠰᠠᠠ ᠠᠴᠠ ᠪᠠᠨ ᠳᠡᠭᠢᠨ ᠳᠦᠪᠡᠭ ᠪᠤᠳᠤᠯᠢᠶᠡᠨᠳᠡᠢ ᠵᠦᠭ ᠭᠦᠭᠵᠢᠭᠦ ᠳᠡᠭᠡᠨ ᠵᠦᠪᠭᠡᠨ ᠭᠡᠷᠡᠭᠯᠡᠭᠡᠨ ᠤ ᠱᠠᠭᠠᠷᠳᠠᠯᠭ᠎ᠠ | ᠳᠡᠳᠦᠢ ᠪᠢᠰᠢ ᠪᠤᠯᠵᠦ᠂ ᠬᠠᠷᠢᠨ ᠤᠶᠤᠨ ᠤ ᠠᠮᠢᠳᠤᠷᠠᠯ ᠤᠨ ᠦᠨ᠎ᠡ ᠦᠷᠳᠡᠭ ᠨᠢ ᠤᠯᠠᠮ ᠢᠶᠠᠷ ᠨᠡᠮᠡᠭᠳᠡᠨ᠂ ᠡᠵᠡᠨ ᠤ | ᠵᠠᠰᠠᠯ ᠴᠢᠮᠡᠭᠯᠡᠯ᠂ ᠡᠷᠦᠭᠡ ᠭᠡᠷ ᠤᠨ ᠦᠨᠡᠳᠦ ᠭᠦᠷᠦᠩᠭᠡ ᠪᠡ ᠡᠷᠭᠢᠮ ᠵᠡᠷᠭᠡ᠂ ᠠᠩᠭᠢ ᠳᠠᠪᠬᠤᠷᠭ᠎ᠠ᠂ ᠪᠠᠶᠠᠨ | ᠶᠠᠳᠠᠭᠤ ᠶᠢᠨ ᠢᠯᠭᠠᠭ᠎ᠠ ᠶᠢ ᠬᠠᠷᠠᠭᠤᠯᠳᠠᠭ ᠵᠦᠢᠯ ᠪᠤᠯᠵᠦ ᠪᠢᠯᠡ᠃ ᠶᠡᠷᠤᠨᠢ ᠮᠤᠩᠭᠤᠯ ᠡᠮᠡᠭᠡᠯ ᠪᠤᠯ ᠤᠷᠤᠨ | ᠨᠤᠳᠤᠭ ᠤᠨ ᠡᠳ᠋ ᠪᠠᠶᠠᠯᠢᠭ ᠪᠡ ᠡᠳ᠋ ᠡᠷᠳᠡᠨᠢᠰ ᠢᠶᠠᠷ ᠡᠭᠡ ᠮᠠᠲ᠋ᠧᠷᠢᠶᠠᠯ ᠪᠤᠯᠭᠠᠵᠦ᠂ ᠵᠠᠰᠠᠵᠦ ᠴᠢᠮᠡᠭᠯᠡᠵᠦ᠂ ᠤᠷ᠎ᠠ | ᠮᠡᠷᠭᠡᠵᠢᠯ ᠤᠨ ᠦᠨᠳᠦᠷ ᠳᠦᠪᠰᠢᠨ ᠲᠠᠢ ᠭᠠᠷ ᠤᠷᠠᠯᠠᠯ ᠤᠨ ᠭᠠᠶᠢᠬᠠᠮᠰᠢᠭᠳᠤ ᠪᠦᠳᠦᠭᠡᠯ ᠤᠨ ᠨᠢᠭᠡ ᠪᠤᠯᠬᠤ ᠶᠤᠮ᠃ | ᠮᠤᠷᠢ ᠬᠤᠯᠠᠳᠠᠵᠦ᠂ ᠮᠠᠰᠢᠨ ᠤᠯᠠᠳᠠᠬᠰᠠᠠ ᠦᠨᠦᠳᠦᠷ ᠴᠤ ᠮᠤᠷᠢᠳᠡᠨ ᠦᠨᠳᠦᠰᠦᠳᠡᠨ ᠤ ᠰᠢᠳᠢᠳᠤ ᠦᠯᠦᠭᠡᠢ | ᠪᠤᠯᠤᠭᠰᠠᠠ ᠮᠤᠩᠭᠤᠯ ᠡᠮᠡᠭᠡᠯ ᠨᠢ ᠬᠤᠳᠠ ᠭᠦᠳᠡᠭᠡ ᠶᠢᠨ ᠮᠤᠩᠭᠤᠯ ᠠᠶᠢᠯ ᠤᠨ ᠪᠡᠯᠭᠡ ᠳᠡᠮᠪᠡᠷᠢᠯ ᠲᠠᠢ ᠦᠨᠡᠳᠦ | ᠴᠢᠮᠡᠭᠯᠡᠯ ᠤᠨ ᠨᠢᠭᠡ ᠪᠤᠯᠵᠦ ᠡᠷᠭᠢᠮᠯᠡᠭᠳᠡᠵᠦ ᠪᠤᠢ᠃ | ᠬᠤᠶᠠᠷ᠂ ᠡᠩ ᠤᠨ ᠮᠤᠩᠭᠤᠯ ᠡᠮᠡᠭᠡᠯ ᠤᠨ ᠪᠦᠳᠦᠴᠡ ᠪᠤᠶᠤ ᠳᠤᠨᠤᠭᠯᠠᠯ | ᠨᠢᠭᠡᠨ ᠪᠦᠷᠢᠨ ᠳᠤᠨᠤᠭᠯᠠᠯ ᠲᠠᠢ ᠡᠮᠡᠭᠡᠯ ᠨᠢ ᠡᠮᠡᠭᠡᠯ ᠤᠨ ᠮᠤᠳᠤ ᠠᠴᠠ ᠭᠠᠳᠠᠨ᠎ᠠ ᠳᠤᠬᠤᠮ ᠭᠦᠯᠢᠮ᠂ | ᠭᠠᠨᠵᠤᠭ᠎ᠠ ᠳᠦᠷᠦᠭᠡ᠂ ᠤᠯᠤᠩ ᠵᠢᠷᠢᠮ ᠵᠡᠷᠭᠡ ᠳᠤᠨᠤᠭ ᠢᠶᠠᠷ ᠪᠦᠷᠢᠯᠳᠦᠵᠦ᠂ ᠳᠤᠰ ᠳᠤᠰ ᠤᠨ ᠦᠢᠯᠡᠳᠦᠯ ᠲᠠᠢ | ᠪᠠᠶᠢᠳᠠᠭ᠃ | ᠠᠳᠡ ᠤᠷᠢᠳᠠᠪᠠᠷ ᠡᠮᠡᠭᠡᠯ ᠤᠨ ᠳᠤᠨᠤᠬᠯᠠᠯ ᠢ ᠵᠢᠷᠤᠬ ᠢᠶᠠᠷ ᠦᠵᠡᠭᠦᠯᠵᠦ᠂ ᠨᠡᠶᠢᠳᠡ ᠮᠤᠩᠭᠤᠯ ᠤᠨ ᠳᠠᠭᠤᠳᠠᠯᠭ᠎ᠠ | ᠨᠡᠷᠡᠶᠢᠳᠦᠯ ᠢᠶᠠᠷ ᠳᠠᠶᠢᠯᠪᠦᠷᠢᠯᠡᠪᠡᠯ᠄ | 1. ᠭᠢᠷ᠎ᠡ ︵ᠭᠦᠪᠡᠭᠡ ᠴᠤ ᠭᠡᠳᠡᠭ︶ | 2. ᠳᠡᠪᠢᠰ ︵ᠤᠪᠳᠠᠢ ᠴᠤ ᠭᠡᠳᠡᠭ︶ | 3. ᠳᠡᠪᠰᠡᠭ | 4. ᠳᠠᠷᠤᠯᠭ᠎ᠠ | 5. ᠡᠮᠤᠨ᠎ᠡ ᠪᠦᠭᠦᠷᠭᠡ | 6. ᠬᠤᠶᠢᠳᠤ ᠪᠦᠭᠦᠷᠭᠡ | 7. ᠬᠤᠩᠬᠤ | 8. ᠬᠠᠪᠳᠠᠰᠤ | 9. ᠪᠠᠪᠠᠷ ︵ᠪᠠᠭᠠᠪᠤᠷ︶ | 10. ᠤᠷᠢᠳᠤ ᠭᠠᠨᠵᠤᠭ᠎ᠠ | 11. ᠬᠤᠶᠢᠳᠤ ᠭᠠᠨᠵᠤᠭ᠎ᠠ | 12. ᠭᠤᠭᠴᠤᠭ᠎ᠠ ︵ᠬᠤᠶᠢᠳᠤ ᠭᠠᠨᠵᠤᠭ᠎ᠠ ᠶᠢᠨ ᠬᠠᠵᠠᠭᠤ ᠪᠠᠷ ᠳᠠᠳᠠᠬᠰᠠᠠ ᠰᠢᠵᠢᠮ︶ | 13. ᠤᠨᠵᠢᠭᠤᠷᠭ᠎ᠠ ︵ᠳᠦᠷᠦᠭᠡᠪᠴᠢ᠂ ᠳᠠᠷᠤᠪᠴᠢ᠂ ᠬᠠᠷᠠᠭᠤ︶ | 14. ᠭᠦᠯᠢᠮ | 15. ᠳᠤᠬᠤᠮ | 16. ᠳᠦᠷᠦᠭᠡ | 17. ᠳᠦᠷᠦᠭᠡᠨ ᠰᠤᠷ | 18. ᠤᠯᠤᠩ | 19. ᠵᠢᠷᠢᠮ | 20. ᠭᠤᠷᠭᠢ ᠶᠢᠨ ᠠᠷᠠᠯ | 21. ᠭᠤᠷᠭᠢ ᠶᠢᠨ ᠭᠡᠯᠡ | ᠡᠮᠡᠭᠡᠯ ᠤᠨ ᠳᠤᠨᠤᠭ ᠨᠢᠭᠡᠪᠦᠷᠢ ᠶᠢᠨ ᠳᠠᠶᠢᠯᠪᠦᠷᠢ᠄ | 1 ᠭᠢᠷ᠎ᠡ — ᠡᠮᠡᠭᠡᠯ ᠤᠨ ᠮᠤᠳᠤ ᠶᠢ ᠭᠠᠳᠠᠷᠯᠠᠭᠰᠠᠠ ᠳᠡᠪᠢᠰ ︵ᠤᠪᠳᠠᠢ︶ ᠤᠨ ᠢᠷᠮᠡᠭ ᠢ ᠳᠠᠷᠤᠵᠦ ᠭᠦᠪᠡᠭᠡᠯᠡᠭᠰᠡᠡ | ᠡᠮᠡᠭᠡᠯ ᠤᠨ ᠴᠢᠬᠤᠯᠠ ᠵᠠᠰᠠᠯ ᠵᠢᠮᠰᠡᠭ᠃ ᠡᠭᠦᠨ ᠢ ᠠᠯᠳᠠ ᠮᠦᠩᠭᠦ᠂ ᠵᠠᠰ ᠭᠠᠤᠯᠢ᠂ ᠴᠠᠶᠢᠷ᠂ ᠳᠠᠮᠤᠷ ᠵᠢᠴᠢ ᠶᠠᠰᠤ ᠪᠠᠷ | ᠭᠢᠳᠡᠭ ᠪᠦᠭᠡᠳ ᠬᠤᠷᠤᠭᠤ ᠦᠷᠭᠡᠨ ᠭᠢᠷ᠎ᠡ ᠳᠡᠭᠡᠷ᠎ᠡ ᠪᠠᠨ ᠯᠤᠤ ᠭᠠᠷᠤᠳᠢ ᠪᠤᠶᠤ ᠤᠭᠠᠯᠵᠠ ᠭᠡ ᠶᠢᠨ ᠵᠢᠷᠤᠭ | ᠰᠡᠶᠢᠯᠦᠭᠰᠡᠡ ᠪᠠᠶᠢᠳᠠᠭ᠃ ᠪᠦᠭᠦᠷᠭᠡ᠂ ᠬᠤᠩᠬᠤ᠂ ᠬᠠᠪᠳᠠᠰᠤ ᠶᠢᠨ ᠬᠢ ᠨᠡᠶᠢᠯᠡᠭᠡᠳ 8 ᠭᠡᠰᠡᠭ ᠭᠢᠷ᠎ᠡ ᠪᠦᠳᠦᠳᠡᠭ᠃ | ᠭᠡᠪᠡᠴᠤ ᠳᠦᠭᠦᠮ ᠵᠠᠰᠠᠬᠰᠠᠠ ᠡᠩ ᠤᠨ ᠡᠮᠡᠭᠡᠯ ᠨᠢ ᠵᠦᠪᠭᠡᠨ ᠬᠤᠶᠠᠷ ᠪᠦᠭᠦᠷᠭᠡ ᠳᠤ ᠯᠡ ᠭᠢᠷ᠎ᠡ ᠬᠠᠳᠠᠬᠰᠠᠠ ᠪᠠᠶᠢᠳᠠᠭ᠃ | | | 2 ᠪᠦᠭᠦᠷᠭᠡ — ᠰᠠᠭᠤᠳᠠᠯ ᠤᠨ ᠡᠮᠤᠨ᠎ᠡ᠂ ᠬᠤᠶᠢᠳᠤ ᠳᠠᠯ᠎ᠠ ᠶᠢᠨ ᠮᠤᠳᠤ᠂ ᠮᠤᠷᠳᠡᠵᠦ ᠪᠠᠭᠤᠬᠤ ᠪᠤᠶᠤ ᠡᠮᠡᠭᠡᠯ | ᠳᠡᠭᠡᠷ᠎ᠡ ᠠᠵᠢᠯᠯᠠᠬᠤ ᠳᠤ ᠳᠦᠰᠢᠭ ᠪᠤᠯᠳᠠᠭ᠃ ᠪᠦᠭᠦᠷᠭᠡ ᠶᠢᠨ ᠮᠤᠳᠤ ᠶᠢ ᠪᠤᠳᠤᠭ ᠰᠢᠷ ᠰᠠᠭᠤᠯᠭᠠᠬᠤ ᠪᠤᠶᠤ | ᠴᠢᠭᠢᠭᠳᠡᠵᠦ ᠬᠠᠭᠠᠷᠠᠬᠤ ᠠᠴᠠ ᠰᠡᠷᠭᠡᠶᠢᠯᠡᠨ ᠠᠷᠠᠰᠤ ᠰᠢᠷᠢ᠂ ᠵᠢᠭᠠᠰᠤᠨ ᠬᠠᠶᠢᠷ᠂ ᠴᠠᠪᠠᠤᠳᠤ ᠬᠠᠶᠢᠷ ᠢᠶᠠᠷ ᠭᠠᠳᠠᠷᠯᠠᠳᠠᠭ᠃ | | | 3 ᠳᠡᠪᠢᠰ — ᠭᠤᠤᠯᠳᠠᠭᠤ ᠡᠳ᠋ᠰᠢᠭᠦᠯᠦᠭᠰᠡᠡ ᠠᠷᠠᠰᠤ ᠰᠢᠷᠢ ᠪᠠᠷ ᠡᠮᠡᠭᠡᠯ ᠤᠨ ᠮᠤᠳᠤ᠂ ᠰᠠᠭᠤᠳᠠᠯ ᠢᠶᠠᠨ ᠨᠠᠭᠠᠵᠦ | ᠪᠦᠷᠢᠶᠡᠰᠦᠯᠡᠭᠰᠡᠡ ᠢ ᠳᠡᠪᠢᠰ ︵ᠤᠪᠳᠠᠢ︶ ᠭᠡᠳᠡᠭ᠃ ᠠᠷ ᠭᠡ ᠭᠠᠷᠭᠠᠬᠰᠠᠠ ᠪᠤᠯᠢᠭᠠᠷᠢ ᠪᠤᠶᠤ ᠭᠦᠯᠢᠭᠡᠷ ᠰᠡᠪᠭᠢᠨ | ᠠᠷᠠᠰᠤ ᠪᠠᠷ ᠪᠦᠷᠢᠶᠡᠰᠤᠯᠡᠭᠰᠡᠡ ᠪᠠᠶᠢᠳᠠᠭ᠃ | | 4 ᠳᠠᠷᠤᠯᠭ᠎ᠠ — ᠡᠮᠡᠭᠡᠯ ᠤᠨ ᠳᠡᠪᠢᠰ ᠢ ᠳᠠᠷᠤᠵᠦ᠂ ᠰᠠᠭᠤᠳᠠᠯ ᠤᠨ ᠬᠤᠶᠠᠷ ᠬᠠᠵᠠᠭᠤ ᠳᠠᠯ᠎ᠠ ᠳᠤ ᠳᠤᠰᠪᠦᠷᠢ | ᠬᠤᠶᠠᠷ ᠳᠠᠷᠤᠯᠭ᠎ᠠ ᠳᠠᠷᠤᠬᠤ ᠳᠠᠭᠠᠨ ᠡᠮᠡᠭᠡᠯ ᠤᠨ ᠭᠢᠷ᠎ᠡ ᠲᠠᠢ ᠪᠠᠨ ᠢᠵᠢᠳᠦᠭᠦᠯᠵᠦ᠂ ᠠᠯᠳᠠ ᠮᠦᠩᠭᠦ ᠪᠤᠶᠤ ᠵᠠᠰ | ᠭᠠᠤᠯᠢᠨ ᠳᠠᠷᠤᠯᠭ᠎ᠠ ᠳᠠᠷᠤᠳᠠᠭ᠃ ᠳᠠᠷᠤᠯᠭ᠎ᠠ ᠶᠢᠨ ᠵᠢᠵᠢᠭ ᠢ ᠨᠢ ᠳᠤᠪᠤᠷᠤᠤ ᠭᠡᠳᠡᠭ᠃ | | 5 ᠳᠡᠪᠰᠡᠭ — ᠡᠮᠡᠭᠡᠯ ᠤᠨ ᠰᠠᠭᠤᠳᠠᠯ ᠢ ᠵᠦᠭᠡᠯᠡᠯᠡᠭᠦ ᠵᠤᠷᠢᠭᠤᠯᠤᠯᠳᠠ ᠪᠠᠷ ᠡᠮᠡᠭᠡᠯ ᠤᠨ ᠳᠡᠪᠢᠰ ᠤᠨ ᠳᠦᠷᠪᠡᠨ | ᠳᠠᠷᠤᠯᠭ᠎ᠠ ᠶᠢᠨ ᠳᠤᠤᠷ᠎ᠠ ᠪᠠᠰᠠ ᠳᠦᠷᠪᠡᠯᠵᠢᠨ ᠵᠢᠭᠢᠷᠢᠭ ᠳᠠᠪᠢᠰᠭᠡᠷ ᠳᠠᠷᠤᠭᠰᠠᠠ ᠢ ᠳᠡᠪᠰᠡᠭ ᠭᠡᠳᠡᠭ᠃ | | 6 ᠬᠠᠪᠳᠠᠰᠤ — ᠡᠮᠡᠭᠡᠯ ᠤᠨ ᠮᠤᠳᠤᠨ ᠤ ᠮᠤᠷᠢᠨ ᠨᠢᠷᠤᠭᠤ ᠶᠢ ᠬᠠᠪᠴᠢᠵᠦ ᠰᠠᠭᠤᠬᠰᠠᠠ ᠬᠤᠶᠠᠷ ᠳᠠᠯ᠎ᠠ ᠶᠢᠨ | ᠬᠠᠪᠳᠠᠰᠤ ᠶᠢ ᠭᠡᠯᠡᠨ᠎ᠡ᠃ ᠡᠮᠡᠭᠡᠯ ᠤᠨ ᠬᠤᠶᠠᠷ ᠪᠦᠭᠦᠷᠭᠡ ᠪᠡ ᠰᠠᠭᠤᠳᠠᠯ ᠢ ᠴᠦᠮ ᠳᠡᠭᠦᠨ ᠳᠡᠭᠡᠷ᠎ᠡ ᠳᠤᠯᠭᠠᠭᠤᠷᠢᠯᠠᠳᠠᠭ | ᠪᠦᠭᠡᠳ ᠬᠠᠪᠳᠠᠰᠤᠨ ᠠᠴᠠ ᠳᠦᠷᠦᠭᠡ ᠪᠠᠨ ᠳᠡᠭᠦᠵᠢᠯᠡᠵᠦ᠂ ᠤᠯᠤᠩ ᠵᠢᠷᠢᠮ᠂ ᠭᠠᠨᠵᠤᠭ᠎ᠠ ᠶᠢ ᠳᠠᠳᠠᠳᠠᠭ᠃ | | 7 ᠬᠤᠩᠬᠤ — ᠬᠤᠶᠠᠷ ᠪᠦᠭᠦᠷᠭᠡ᠂ ᠬᠤᠶᠠᠷ ᠬᠠᠪᠳᠠᠰᠤ᠂ ᠰᠠᠭᠤᠳᠠᠯ ᠤᠨ ᠭᠤᠤᠯ ᠢ ᠬᠤᠯᠪᠤᠬᠰᠠᠠ ᠡᠮᠡᠭᠡᠯᠤᠨ | ᠮᠤᠳᠤᠨ ᠤ ᠳᠤᠤᠷ᠎ᠠ ᠳᠠᠯ᠎ᠠ ᠶᠢᠨ ᠬᠤᠩᠬᠤᠷ ᠭᠡᠰᠡᠭ ᠢ ᠬᠤᠩᠬᠤ ᠭᠡᠳᠡᠭ᠃ ᠳᠡᠷᠡ ᠨᠢ ᠡᠮᠤᠨ᠎ᠡ ᠪᠦᠭᠦᠷᠭᠡᠶᠢᠨ ᠳᠤᠤᠷ᠎ᠠ | ᠳᠠᠯ᠎ᠠ ᠠᠴᠠ ᠰᠠᠭᠤᠳᠠᠯ ᠤᠨ ᠭᠤᠤᠯ ᠳᠡᠮᠵᠢᠨ ᠬᠤᠶᠢᠳᠤ ᠪᠦᠭᠦᠷᠭᠡ ᠶᠢᠨ ᠳᠤᠤᠭᠤᠷ ᠨᠤᠮᠤᠨ ᠭᠡᠯᠪᠡᠷᠢᠳᠡᠢ ᠨᠡᠪᠳᠡ | ᠬᠤᠩᠬᠤᠷ ᠪᠠᠶᠢᠵᠦ᠂ ᠮᠤᠷᠢᠨ ᠤ ᠭᠤᠤᠯ ᠨᠢᠷᠤᠭᠤᠨ ᠠᠴᠠ ᠭᠦᠨᠳᠡᠢ ᠭᠡᠢ ᠪᠠᠶᠢᠳᠠᠭ᠃ | | 8 ᠭᠠᠨᠵᠤᠭ᠎ᠠ — ᠡᠮᠡᠭᠡᠯ ᠤᠨ ᠵᠡᠭᠦᠨ ᠪᠠᠷᠠᠭᠤᠨ ᠬᠠᠪᠳᠠᠰᠤᠨ ᠤ ᠡᠮᠤᠨ᠎ᠡ ᠬᠤᠶᠢᠨᠡᠭᠢ ᠬᠤᠶᠠᠷ ᠦᠵᠦᠭᠦᠷᠤᠨ | ᠭᠡᠰᠡᠭ ᠠᠴᠠ ᠨᠦᠭᠡ ᠴᠤᠭᠤᠯᠤᠨ ᠨᠠᠢᠮᠠ ᠨᠠᠢᠮᠠᠨ ︵18 — 32 ᠴᠤ ᠪᠠᠶᠢᠳᠠᠭ︶ ᠰᠢᠷᠭᠡᠭ ᠰᠤᠷ ᠳᠠᠳᠠᠬᠰᠠᠠ ᠢ | ᠭᠠᠨᠵᠤᠭ᠎ᠠ ᠭᠡᠳᠡᠭ᠃ ᠳᠡᠷᠡ ᠨᠢ ᠳᠡᠭᠰᠢ ᠬᠤᠤᠰᠯᠠᠯ᠂ ᠭᠡᠮ ᠵᠤᠭᠢᠴᠡᠯ ᠤᠨ ᠳᠡᠯ᠎ᠡ ᠪᠠᠷ ᠡᠮᠡᠭᠡᠯᠢ ᠦᠵᠡᠮᠦᠷᠢᠳᠡᠢ | ᠪᠤᠯᠭᠠᠬᠰᠠᠠ ᠳᠡᠳᠦᠢ ᠦᠭᠡᠢ ᠬᠤᠶᠢᠳᠤ ᠬᠠᠪᠳᠡᠰᠤᠨ ᠠᠴᠠ ᠳᠠᠳᠠᠬᠰᠠᠠ ᠭᠠᠨᠵᠤᠭ᠎ᠠ ᠨᠢ ᠡᠮᠨᠢᠭ ᠰᠤᠷᠭᠠᠬᠤ ᠳᠤ | ᠪᠤᠷᠤᠭᠤ ᠭᠠᠷ ᠢᠶᠠᠷ ᠢᠶᠠᠨ ᠳᠠᠳᠠᠵᠦ ᠪᠠᠷᠢᠬᠤ ᠪᠠᠷᠢᠳᠡᠯ ᠪᠤᠯᠬᠤ ᠠᠴᠠ ᠭᠠᠳᠠᠨ᠎ᠠ ᠭᠤᠤᠯ ᠨᠢ ᠡᠮᠡᠭᠡᠯ ᠤᠨ ᠠᠷᠤ ᠳᠡᠭᠡᠷ᠎ᠡ | ᠪᠠᠭ᠎ᠠ ᠰᠠᠭ᠎ᠠ ᠶᠠᠭᠤᠮ᠎ᠠ ᠳᠠᠷᠤᠭᠤᠯᠤᠨ ᠭᠠᠨᠵᠤᠭᠠᠯᠠᠬᠤ ᠳᠤ ᠤᠶᠠᠭ᠎ᠠ ᠳᠠᠳᠠᠯᠭᠠᠶᠢᠨ ᠦᠢᠯᠡᠳᠦᠯ ᠲᠠᠢ ᠶᠤᠮ᠃ | | | 9 ᠪᠠᠭᠠᠪᠤᠷ — ᠪᠠᠭᠠᠪᠤᠷ ᠪᠤᠯ ᠬᠠᠪᠳᠠᠰᠤᠨ ᠳᠠᠬᠢ ᠭᠠᠨᠵᠤᠭᠠᠨ ᠰᠤᠷ ᠳᠠᠳᠠᠬᠤ ᠨᠦᠭᠡ ᠶᠢ ᠳᠠᠷᠤᠵᠦ᠂ ᠳᠠᠬᠯᠠᠵᠦ | ᠴᠢᠮᠡᠭᠯᠡᠭᠰᠡᠡ ᠠᠯᠳᠠᠨ ᠮᠦᠩᠭᠦᠨ ᠵᠠᠰᠠᠯ ᠤᠨ ᠳᠤᠨᠤᠬ ᠶᠤᠮ᠃ ᠳᠡᠭᠦᠨ ᠢ ᠠᠯᠳᠠ ᠮᠦᠩᠭᠦ ᠭᠠᠤᠯᠢᠨ ᠤ ᠤᠷᠠᠨ ᠳᠠᠷᠬᠠᠨ | ᠳᠤᠰᠬᠠᠢ ᠦᠢᠯᠡᠳᠴᠤ᠂ ᠪᠡᠭᠠᠪᠤᠷ ᠳᠡᠭᠡᠷ᠎ᠡ ᠪᠠᠨ ᠪᠠᠰᠠ ᠤᠯᠠᠨ ᠰᠠᠶᠢᠬᠠᠨ ᠴᠠᠪᠴᠢᠮᠠᠯ ᠭᠡ ᠤᠭᠠᠯᠵᠠ ᠶᠢ ᠤᠷᠠᠯᠠᠬᠰᠠᠠ | ᠪᠠᠶᠢᠳᠠᠬ᠃ | | 10 ᠳᠤᠬᠤᠮ — ᠳᠡᠷᠡ ᠨᠢ ᠡᠮᠡᠭᠡᠯ ᠬᠡᠷᠡᠭᠯᠡᠬᠦ ᠠᠴᠠ ᠡᠮᠤᠨ᠎ᠡ ᠮᠤᠷᠢᠨ ᠨᠢᠷᠤᠭᠤᠨ ᠳᠡᠭᠡᠷ᠎ᠡ ᠠᠩᠬ᠎ᠠ | ᠳᠤᠬᠤᠬᠳᠠᠬᠰᠠᠠ ᠪᠠᠶᠢᠵᠦ᠂ ᠬᠤᠵᠢᠮ ᠨᠢ ᠡᠮᠡᠭᠡᠯ ᠤᠨ ᠳᠤᠤᠷ᠎ᠠ ᠵᠢᠭᠢᠷᠢᠭ ᠪᠤᠯᠭᠠᠵᠦ ᠮᠤᠷᠢᠨ ᠨᠢᠷᠤᠭᠤ ᠶᠢ ᠬᠠᠮᠠᠭᠠᠯᠠᠨ | ᠵᠦᠭᠡᠯᠡᠯᠡᠭᠰᠡᠡ ᠢᠰᠡᠭᠡᠢ ︵ᠡᠷᠳᠡ ᠦᠶ᠎ᠡ ᠳᠡᠭᠡᠨ ᠠᠮᠢᠳᠠᠨ ᠤ ᠠᠷᠠᠰᠤ ᠦᠰᠦ ᠪᠠᠶᠢᠬᠰᠠᠠ ᠴᠤ ᠪᠤᠯᠵᠤᠰᠢ ᠦᠭᠡᠢ︶ | ᠪᠤᠯᠤᠨ᠎ᠠ᠃ ᠮᠦᠨᠴᠤ ᠭᠦᠯᠢᠮ ᠮᠤᠷᠢᠨ ᠤ ᠭᠦᠯᠦᠰᠤᠨ ᠳᠤ ᠳᠡᠪᠳᠤᠭᠦ ᠶᠢ ᠰᠡᠷᠭᠡᠶᠢᠯᠡᠳᠡᠭ᠃ ᠰᠡᠭᠦᠯ ᠤᠨ ᠦᠶ᠎ᠡ ᠳᠤ | ᠬᠤᠶᠠᠷ ᠠᠴᠠ ᠭᠤᠷᠪᠠᠨ ᠳᠠᠪᠬᠤᠷ ᠳᠤᠬᠤᠮ ᠳᠤᠬᠤᠵᠦ ᠨᠢᠭᠡ ᠶᠢ ᠨᠢ ᠨᠢᠭᠡ ᠦᠩᠭᠡ ᠶᠢᠨ ᠦᠭᠡᠳᠡᠩ ᠪᠤᠶᠤ | ᠳᠤᠷᠭ᠎ᠠ ᠪᠠᠷ ᠭᠦᠪᠡᠭᠡᠯᠡᠨ ᠡᠮᠵᠢᠶᠡᠷᠢᠯᠡᠭᠰᠡᠡ ᠢᠶᠠᠷ ᠭᠦᠯᠢᠮ ᠤᠨ ᠳᠤᠤᠭᠤᠷ ᠵᠠᠬ᠎ᠠ ᠨᠢ ᠰᠤᠯᠤᠩᠭᠠᠷᠠᠨ ᠬᠠᠷᠠᠬᠳᠠᠳᠠᠭ᠃ | | | 11 ᠭᠦᠯᠢᠮ — ᠭᠦᠯᠢᠮ ᠨᠢ ᠡᠮᠡᠭᠡᠯ ᠤᠨ ᠭᠦᠭᠵᠢᠯ ᠤᠨ ᠶᠠᠪᠤᠴᠡ ᠳᠤ ᠨᠠᠯᠢᠶᠠᠳ ᠬᠤᠵᠢᠭᠤ ᠪᠤᠢ ᠪᠤᠯᠤᠬᠰᠠᠠ | ᠪᠠᠶᠢᠵᠦ ᠮᠠᠳᠠᠨ᠎ᠠ᠃ ᠡᠮᠡᠭᠡᠯ ᠭᠢᠭᠡᠳ ᠳᠤᠬᠤᠮ ᠤᠨ ᠵᠡᠪᠰᠡᠷ ᠭᠦᠯᠢᠮ ᠭᠡᠭᠦ ᠡᠨᠡᠭᠦ ᠵᠢᠭᠦᠷ ᠳᠠᠯᠠᠪᠴᠢ ᠭᠡᠮᠡᠷ ᠳᠤᠮᠤ ᠭᠡᠰᠡᠭ | ᠰᠢᠷᠢ ᠪᠤᠯᠢᠭᠠᠷᠢ ᠳᠤᠨᠤᠬ ᠢ ᠵᠤᠭᠢᠶᠠᠬᠰᠠᠠ ᠢᠶᠠᠷ ᠢᠰᠡᠭᠡᠢ ᠳᠤᠬᠤᠮ ᠪᠡ ᠬᠤᠶᠢᠨ᠎ᠡ ᠡᠮᠤᠨᠡᠭᠢ ᠤᠯᠤᠩ ᠵᠢᠷᠢᠮ ᠢ | ᠳᠡᠯᠳᠡᠯᠡᠵᠦ᠂ ᠳᠦᠷᠦᠭᠡ ᠪᠡ ᠳᠦᠷᠦᠭᠡᠨ ᠰᠤᠷ ᠳᠦᠷᠦᠭᠡᠪᠴᠢ ᠳᠤ ᠳᠡᠪᠢᠰᠭᠡᠷ ᠪᠤᠯᠤᠨ ᠵᠤᠭᠢᠴᠡᠵᠦ ᠮᠠᠰᠢ ᠦᠵᠡᠮᠤᠷᠢᠳᠡᠢ | ᠪᠤᠯᠵᠠᠢ᠃ ᠡᠭᠦᠨ ᠢᠶᠠᠷ ᠪᠠᠷᠠᠬᠤ ᠦᠭᠡᠢ ᠮᠤᠷᠢᠨ ᠤ ᠭᠦᠯᠦᠰᠦ ᠪᠡ ᠦᠰᠦ ᠭᠢᠯᠭᠠᠰᠤ ᠶᠢ ᠭᠦᠮᠦᠨ ᠤ ᠪᠡᠶ᠎ᠡ ᠳᠤ | ᠭᠦᠷᠦᠯᠴᠡᠭᠦ ᠶᠢ ᠰᠡᠷᠭᠡᠶᠢᠯᠡᠵᠦ ᠴᠢᠳᠡᠬᠰᠠᠠ ᠪᠠᠶᠢᠪᠠ᠃ ᠭᠦᠯᠢᠮ ᠨᠢ ᠳᠦᠷᠪᠡᠯᠵᠢᠨ᠂ ᠳᠤᠤᠷᠠᠬᠢ ᠨᠢ ᠳᠠᠯ᠎ᠠ ᠳᠤᠭᠤᠷᠢᠭ | ᠵᠡᠷᠭᠡ ᠭᠡᠯᠪᠡᠷᠢ ᠲᠠᠢ ᠪᠠᠶᠢᠳᠠᠭ ᠴᠤ ᠪᠦᠷ ᠯᠡ ᠬᠤᠶᠠᠷ ᠭᠡᠰᠡᠭ ᠠᠷᠠᠰᠤ ᠰᠢᠷᠢ ᠪᠤᠶᠤ ᠪᠤᠯᠢᠭᠠᠷᠢ ᠶᠢ ᠨᠠᠷᠢᠨ ᠰᠤᠷ ᠢᠶᠠᠷ | ᠭᠡᠯᠭᠢᠵᠦ᠂ ᠦᠳᠡᠭᠡᠷᠢ ᠵᠠᠯᠭᠠᠷᠢ ᠶᠢ ᠨᠢ ᠡᠮᠡᠭᠡᠯ ᠤᠨ ᠬᠤᠩᠬᠤ ᠶᠢᠨ ᠳᠤᠤᠷ᠎ᠠ ᠭᠦᠨᠳᠡᠢ ᠳᠤ ᠳᠠᠭᠠᠷᠠᠭᠤᠯᠤᠬᠰᠠᠠ ᠨᠢ | ᠭᠠᠶᠢᠬᠠᠯᠳᠠᠢ᠃ ᠭᠡᠪᠢᠰ ᠵᠡᠷᠭᠡ ᠨᠡᠭᠡᠮᠡᠯ ᠡᠳ᠋ᠢᠶ᠋ᠠᠷ ᠭᠢᠭᠰᠡᠡ ᠭᠦᠯᠢᠮ ᠴᠤ ᠪᠠᠶᠢᠳᠠᠭ᠃ | | 12 ᠳᠦᠷᠦᠭᠡ — ᠳᠦᠷᠦᠭᠡ ᠨᠢ ᠳᠤᠬᠤᠮ ᠳᠤᠬᠤᠰᠢ ᠭᠡᠷᠡᠭᠯᠡᠵᠦ ᠡᠭᠢᠯᠡᠭᠦ ᠲᠠᠢ ᠵᠡᠷᠭᠡ ᠮᠤᠷᠢᠨ ᠨᠢᠷᠤᠭᠤᠨ ᠳᠤ | ᠮᠤᠷᠳᠠᠵᠤ ᠪᠠᠭᠤᠬᠤ ᠪᠤᠶᠤ ᠮᠤᠷᠢᠨ ᠨᠢᠷᠤᠭᠤᠨ ᠳᠡᠭᠡᠷ᠎ᠡ ᠴᠢᠯᠦᠭᠡᠳᠡᠢ ᠠᠵᠢᠯᠯᠠᠬᠤ ᠱᠠᠭᠠᠷᠳᠠᠯᠭ᠎ᠠ ᠠᠴᠠ ᠪᠤᠢ ᠪᠤᠯᠤᠭᠰᠠᠠ | ᠪᠦᠭᠡᠳ ᠭᠦᠮᠦᠨ ᠤ ᠬᠤᠨᠳᠤᠯᠠᠢ ᠰᠠᠭᠤᠳᠠᠯ ᠢ ᠮᠤᠷᠢᠨ ᠨᠢᠷᠤᠭᠤ ᠠᠴᠠ ᠭᠡᠶᠢᠷᠠᠭᠦᠯᠵᠦ᠂ ᠮᠤᠷᠢᠨ ᠨᠢᠷᠤᠭᠤ ᠭᠡᠳᠦ | ᠬᠤᠯᠭᠤᠵᠦ ᠬᠠᠯᠠᠬᠤ ᠪᠤᠶᠤ ᠳᠤᠬᠤᠮ ᠤᠨ ᠡᠯᠡᠭᠳᠡᠯ ᠢ ᠵᠤᠭᠢᠬᠤ ᠭᠡᠮᠵᠢᠶᠡᠨ ᠳᠤ ᠪᠠᠭᠠᠰᠬᠠᠬᠰᠠᠠ ᠪᠠᠶᠢᠨ᠎ᠠ᠃ ᠳᠡᠭᠡᠷ᠎ᠡ | ᠳᠤᠷᠠᠳᠤᠭᠰᠠᠠ ᠮᠡᠳᠤ ᠳᠦᠷᠦᠭᠡ ᠨᠢ ᠠᠩᠬ᠎ᠠ ᠡᠭᠢᠯᠡᠨ ᠡᠪᠡᠰᠤᠨ ᠳᠡᠭᠡᠰᠤ᠂ ᠳᠠᠷᠠᠭ᠎ᠠ ᠨᠢ ᠮᠤᠳᠤ ᠪᠤᠶᠤ ᠶᠠᠰᠤ | ᠬᠤᠵᠢᠮ ᠨᠢ ᠳᠠᠮᠦᠷᠯᠢᠭ ᠳᠦᠷᠦᠭᠡ ᠪᠤᠯᠵᠦ ᠭᠦᠭᠵᠢᠵᠡᠢ᠃ ᠳᠦᠷᠦᠭᠡ ᠳᠤ ᠪᠢᠳᠡᠭᠦᠦ ᠳᠦᠷᠦᠭᠡ᠂ ᠳᠦᠷᠪᠡᠯᠵᠢᠨ | ᠳᠦᠷᠦᠭᠡ᠂ ᠳᠤᠭᠤᠷᠢᠭ ᠳᠦᠷᠦᠭᠡ ᠭᠡᠵᠦ ᠪᠠᠶᠢᠳᠠᠭ᠃ ᠪᠠᠰᠠ ᠡᠷᠬᠢᠬᠦᠯᠬᠡ ᠲᠠᠢ ᠳᠦᠷᠦᠬᠡ ᠭᠡᠵᠤ ᠪᠤᠢ᠃ | | 13 ᠳᠦᠷᠦᠭᠡᠨ ᠰᠤᠷ — ᠳᠦᠷᠦᠭᠡ ᠶᠢ ᠡᠮᠡᠭᠡᠯ ᠤᠨ ᠬᠠᠪᠳᠠᠰᠤ ᠲᠠᠢ ᠬᠤᠯᠪᠤᠭᠰᠠᠠ 2 — 3 ᠬᠤᠷᠤᠭᠤ | ᠦᠷᠭᠡᠨ ᠴᠤᠯᠭᠤᠢ ᠰᠤᠷ ᠢ ᠭᠡᠯᠡᠳᠡᠭ᠃ ᠳᠦᠷᠦᠭᠡᠨ ᠰᠤᠷ ᠤᠨ ᠤᠷᠳᠤ ᠶᠢᠨ ᠭᠡᠮᠵᠢᠶ᠎ᠡ ᠶᠢ ᠡᠮᠡᠭᠡᠯ ᠢ ᠳᠤᠬᠤᠵᠦ ᠡᠳ᠋ᠯᠡᠭᠦ | ᠭᠦᠮᠦᠨ ᠤ ᠪᠠᠨ ᠪᠠᠶ᠎ᠠ ᠪᠢᠯᠳᠡᠷ ᠤᠨ ᠦᠨᠳᠦᠷ ᠪᠤᠭᠤᠨᠢ ᠶᠢᠨ ᠪᠠᠶᠢᠳᠠᠯ ᠳᠤ ᠵᠤᠭᠢᠴᠠᠭᠤᠯᠤᠨ᠎ᠠ᠃ ᠳᠦᠷᠦᠭᠡ ᠶᠢᠨ ᠤᠩᠭᠢ | ᠪᠡ ᠬᠠᠪᠳᠠᠰᠤ ᠶᠢᠨ ᠳᠦᠷᠪᠡᠯᠵᠢᠨ ᠨᠦᠭᠡ ᠪᠠᠷ ᠰᠦᠪᠡᠯᠡᠭᠰᠡᠡ ᠰᠤᠷ ᠤᠨ ᠬᠤᠶᠠᠷ ᠦᠵᠦᠭᠦᠷ ᠢ ᠡᠷᠳᠡ ᠦᠶ᠎ᠡ ᠳᠤ | ᠳᠠᠷᠤᠵᠦ ᠵᠠᠩᠭᠢᠳᠳᠠᠭ ᠪᠠᠶᠢᠬᠰᠠᠠ ᠢᠶᠠᠨ ᠰᠡᠭᠦᠯ ᠤᠨ ᠦᠶ᠎ᠡ ᠳᠤ ᠳᠠᠮᠤᠷ᠂ ᠭᠠᠤᠯᠢ᠂ ᠵᠠᠰ ᠤᠨ ᠭᠤᠷᠭᠢ ᠳᠠᠭᠠᠷᠠᠭᠤᠯᠬᠤ | ᠪᠤᠯᠤᠭᠰᠠᠠ ᠶᠤᠮ᠃ | | 14 ᠤᠨᠵᠢᠭᠤᠷᠭ᠎ᠠ ︵ᠳᠦᠷᠦᠭᠡᠪᠴᠢ︶ — ᠳᠦᠷᠦᠭᠡᠪᠴᠢ ᠨᠢ ᠭᠦᠯᠢᠮ ᠤᠨ ᠳᠡᠭᠡᠳᠦ ᠳᠠᠯ᠎ᠠ ᠳᠤ ᠳᠠᠪᠰᠡᠭ ᠤᠨ | ᠳᠤᠤᠷ᠎ᠠ ᠠᠴᠠ ᠤᠨᠵᠢᠭᠤᠯᠤᠬᠰᠠᠠ ᠵᠢᠵᠢᠭ ᠭᠦᠯᠢᠮ ᠤᠨ ᠭᠡᠯᠪᠡᠷᠢᠳᠡᠢ ᠤᠨᠵᠢᠭᠤᠷᠭ᠎ᠠ ᠪᠤᠯᠤᠨ᠎ᠠ᠃ ᠳᠡᠷᠡ ᠨᠢ ᠡᠮᠡᠭᠡᠯ ᠳᠤ | ᠳᠡᠭᠰᠢ ᠭᠡᠮ ᠤᠨ ᠵᠦᠢ ᠵᠤᠭᠢᠴᠠᠯ ᠢ ᠤᠯᠭᠤᠬᠰᠠᠠ ᠢᠶᠠᠷ ᠪᠠᠷᠠᠬᠤ ᠦᠭᠡᠢ᠂ ᠳᠦᠷᠦᠭᠡᠨ ᠰᠤᠷ ᠤᠨ ᠵᠠᠩᠭᠢᠶᠠᠳᠠᠰᠤ ᠪᠡ | ᠭᠤᠷᠭᠢ ᠶᠢ ᠳᠠᠷᠤᠵᠦ᠂ ᠭᠦᠯ ᠤᠨ ᠪᠤᠯᠴᠢᠩ ᠬᠤᠯᠭᠤᠬᠤ ᠶᠢ ᠰᠡᠷᠭᠡᠶᠢᠯᠡᠵᠦ ᠴᠢᠳᠡᠬᠰᠠᠠ ᠪᠠᠶᠢᠨ᠎ᠠ᠃ ᠳᠡᠭᠦᠨ ᠤ ᠮᠦᠨ | ᠭᠦᠯᠢᠮ ᠲᠠᠢ ᠢᠵᠢᠳᠦᠭᠦᠯᠵᠦ ᠠᠳᠠᠯᠢ ᠮᠠᠲᠧᠷᠢᠶᠡᠯ ᠭᠡᠷᠡᠭᠯᠡᠵᠦ᠂ ᠠᠳᠠᠯᠢ ᠶᠠᠩᠵᠦ ᠭᠡᠯᠪᠡᠷᠢ ᠠᠳᠠᠯᠢ ᠦᠩᠭᠡ | ᠪᠤᠳᠤᠭ ᠲᠠᠢ ᠭᠢᠳᠡᠭ᠃ ᠳᠦᠷᠦᠭᠡᠪᠴᠢᠨ ᠳᠡᠭᠡᠷ᠎ᠡ ᠤᠯᠠᠩᠭᠢ ᠳᠠᠭᠠᠨ ᠭᠤᠤᠯᠳᠤᠨᠢ ᠨᠢᠭᠡ ᠳᠠᠷᠤᠯᠭ᠎ᠠ ᠪᠤᠶᠤ ᠳᠡᠭᠦᠨ ᠢ | ᠳᠤᠭᠤᠷᠢᠭᠤᠯᠤᠨ ᠳᠦᠷᠪᠡ ᠳᠠᠪᠤᠨ ᠵᠢᠵᠢᠭ ᠳᠤᠪᠤᠷᠤᠤ ᠳᠠᠷᠤᠵᠦ ᠳᠤᠨᠤᠬᠯᠠᠳᠠᠭ᠃ | | 15 ᠤᠯᠤᠩ — ᠤᠯᠦᠩ ᠪᠤᠯ ᠡᠮᠡᠭᠡᠯ ᠢ ᠮᠤᠷᠢᠨ ᠨᠢᠷᠤᠭᠤᠨ ᠳᠤ ᠤᠷᠤᠬᠰᠢ ᠬᠤᠶᠢᠰᠢ ᠰᠢᠯᠵᠢᠭᠦ ᠦᠭᠡᠢ ᠪᠠᠷ | ᠳᠤᠬᠳᠠᠭᠠᠬᠤ ᠦᠢᠯᠡᠳᠦᠯ ᠲᠠᠢ ᠳᠠᠯ ᠭᠢᠯᠭᠠᠰᠤ ᠪᠤᠶᠤ ᠡᠳ᠋ᠰᠢᠭᠦᠯᠦᠭᠰᠡᠡ ᠠᠷᠠᠰᠤ ᠰᠢᠷᠢ ᠪᠠᠷ ᠦᠢᠯᠡᠳᠦᠭᠰᠡᠡ ᠪᠦᠰᠡᠯᠡᠭᠦᠷ | ᠪᠤᠯᠤᠨ᠎ᠠ᠃ ᠮᠤᠩᠭᠤᠯᠴᠤᠳ ᠡᠷᠳᠡ ᠳᠡᠭᠡᠷ᠎ᠡ ᠦᠶ᠎ᠡ ᠠᠴᠠ ᠳᠡᠭᠦᠨ ᠢ ᠠᠳᠤᠭᠤᠨ ᠤ ᠳᠠᠯ ᠭᠢᠯᠭᠠᠰᠤ ᠪᠠᠷ ᠨᠠᠷᠢᠨ ᠨᠠᠷᠢᠨ | ᠭᠦᠷᠦᠭᠰᠡᠡ ᠳᠡᠭᠡᠰᠦ ᠰᠢᠵᠢᠮ ᠢ ᠵᠡᠷᠭᠡᠴᠡᠭᠦᠯᠦᠨ ᠬᠤᠶᠠᠷ ᠬᠤᠷᠤᠭᠤ ᠢᠯᠡᠭᠦᠦ ᠦᠷᠭᠡᠨ ᠬᠠᠪᠳᠠᠭᠠᠢ ᠳᠡᠭᠡᠰᠤ ᠪᠤᠯᠭᠠᠨ | ᠤᠷᠠᠯᠡᠵᠦ ᠤᠶᠤᠬᠰᠠᠠ ᠪᠠᠶᠢᠳᠠᠭ᠃ ᠤᠯᠤᠩ ᠤᠨ ᠳᠡᠭᠡᠳᠦ ᠦᠵᠦᠭᠦᠷ ᠢ ᠡᠮᠡᠭᠡᠯ ᠤᠨ ᠪᠤᠷᠤᠭᠤ ᠳᠠᠯ᠎ᠠ ᠶᠢᠨ | ᠬᠠᠪᠳᠠᠰᠤᠨ ᠳᠤ ᠭᠠᠷᠭᠠᠬᠰᠠᠠ ᠬᠠᠪᠳᠠᠭᠠᠢ ᠨᠦᠭᠡ ᠠᠴᠠ ᠳᠡᠳᠡᠬᠰᠡᠡ ᠰᠤᠷ ᠤᠬᠴᠤᠷᠠᠭᠠ ︵ᠭᠤᠬᠴᠤᠭ᠎ᠠ︶ ᠲᠠᠢ | ᠵᠠᠯᠭᠠᠵᠦ᠂ ᠨᠠᠭᠠᠳᠤ ᠦᠵᠦᠭᠦᠷ ᠲᠤᠨᠢ ᠳᠡᠮᠤᠷ ᠪᠤᠶᠤ ᠭᠠᠤᠯᠢᠨ ᠭᠤᠷᠭᠢ ᠳᠠᠭᠠᠷᠠᠭᠤᠯᠤᠭᠠᠳ ᠡᠮᠡᠭᠡᠯ ᠤᠨ ᠵᠢᠷᠢᠮ ᠲᠠᠢ | ᠵᠤᠯᠭᠠᠭᠤᠯᠤᠨ ᠭᠤᠷᠭᠢᠯᠠᠳᠠᠭ᠃ ᠤᠯᠤᠩ ᠨᠢ ᠮᠤᠷᠢᠨ ᠤ ᠭᠡᠳᠡᠰᠤᠨ ᠳᠤᠤᠭᠤᠷ ᠳᠠᠳᠠᠬᠤ ᠪᠦᠰᠡᠯᠡᠭᠦᠷ ᠪᠤᠯᠬᠤᠷ ᠠᠯᠳᠠ | ᠢᠯᠡᠭᠦᠦ ᠤᠷᠳᠤ ᠭᠢᠵᠦ ᠤᠷᠳᠤᠰᠬᠠᠵᠦ ᠪᠤᠭᠤᠨᠢᠰᠬᠠᠵᠦ ᠪᠤᠯᠬᠤ ᠪᠠᠷ ᠵᠤᠭᠢᠶᠠᠳᠠᠭ᠃ | | 16 ᠵᠢᠷᠢᠮ — ᠵᠢᠷᠢᠮ ᠨᠢ ᠨᠡᠷᠢᠨ ᠴᠤᠯᠭᠤᠢ ᠰᠤᠷ ᠢᠶᠠᠷ ᠬᠠᠪᠳᠠᠭᠠᠢ ᠭᠦᠷᠦᠭᠰᠡᠡ ᠬᠤᠶᠠᠷ ᠳᠤᠬᠤᠢ ᠭᠢᠷᠢ ᠰᠤᠷ | ᠳᠤᠨᠤᠬ ᠪᠤᠯᠤᠨ᠎ᠠ᠃ ᠳᠡᠷᠡ ᠨᠢ ᠤᠯᠤᠩ ᠢ ᠮᠤᠷᠢᠨ ᠭᠡᠳᠡᠰᠦᠨ ᠳᠤᠤᠭᠤᠷ ᠴᠢᠩᠭᠠᠯᠠᠨ ᠳᠠᠳᠠᠵᠦ ᠠᠪᠴᠢᠷᠠᠭᠠᠳ | ᠤᠯᠤᠩ ᠤᠨ ᠭᠤᠷᠭᠢ ᠶᠢ ᠠᠮᠠᠳᠠᠨ ᠪᠠᠭᠢᠯᠡᠵᠦ ᠭᠤᠷᠭᠢᠯᠠᠬᠤ ᠦᠢᠯᠡᠳᠦᠯ ᠲᠠᠢ ᠪᠠᠶᠢᠳᠠᠭ᠃ ᠵᠢᠷᠢᠮ ᠢ ᠡᠮᠡᠭᠡᠯ ᠤᠨ ᠵᠦᠪ | ᠳᠠᠯ᠎ᠠ ᠶᠢᠨ ᠬᠠᠪᠳᠠᠰᠤᠨ ᠳᠤ ᠭᠠᠷᠭᠠᠭᠰᠠᠠ ᠬᠠᠪᠳᠠᠭᠠᠢ ᠨᠦᠭᠡᠨ ᠠᠴᠠ ᠳᠠᠳᠠᠬᠰᠠᠠ ᠤᠭᠴᠠᠷᠠᠭᠠ ︵ᠭᠤᠬᠴᠤᠭ᠎ᠠ︶ ᠪᠠᠷ | ᠪᠠᠭᠢᠯᠡᠳᠡᠭ᠃ | | 17 ᠭᠤᠷᠭᠢ — ᠡᠮᠡᠭᠡᠯ ᠤᠨ ᠡᠮᠤᠨ᠎ᠡ ᠬᠤᠶᠢᠳᠤ ᠬᠤᠶᠠᠷ ᠤᠯᠤᠩ ᠤᠨ ᠳᠤᠮᠤ ᠭᠤᠷᠭᠢ ᠠᠴᠠ ᠭᠠᠳᠠᠨ᠎ᠠ ᠴᠢᠳᠦᠷ | ᠳᠤᠱᠠ ᠳᠡᠭᠦᠵᠢᠯᠡᠭᠦ ᠭᠤᠭᠴᠤᠭ᠎ᠠ ᠶᠢᠨ ᠦᠵᠦᠭᠦᠷ ᠲᠤ ᠴᠤ ᠵᠢᠵᠢᠭ ᠭᠤᠷᠭᠢ ᠳᠠᠭᠠᠷᠠᠭᠤᠯᠤᠭᠰᠠᠠ ᠪᠠᠶᠢᠳᠠᠭ᠃ | ᠭᠤᠷᠭᠢ ᠶᠢ ᠳᠠᠮᠤᠷ᠂ ᠭᠠᠤᠯᠢ ᠵᠡᠷᠭᠡ ᠬᠠᠳᠠᠭᠤ ᠳᠠᠮᠦᠷᠯᠢᠭ ᠢᠶᠠᠷ ᠭᠢᠳᠡᠭ᠃ ᠭᠤᠷᠭᠢ ᠨᠢ ᠳᠦᠷᠪᠡᠯᠵᠢᠨ ᠪᠠ ᠳᠤᠭᠤᠷᠢᠭ | ᠶᠠᠩᠵᠦ ᠭᠡᠯᠪᠡᠷᠢᠲᠠᠢ ᠪᠠᠶᠢᠳᠠᠭ᠃ | | ᠭᠤᠷᠪᠠ᠂ ᠡᠮᠡᠭᠡᠯ ᠤᠨ ᠤᠯᠠᠨ ᠶᠠᠩᠵᠦ ᠭᠡᠯᠪᠡᠷᠢ ᠪᠡ ᠤᠷᠤᠨ ᠨᠤᠳᠤᠭ ᠤᠨ ᠤᠨᠴᠡᠯᠢᠬ | ᠡᠮᠡᠭᠡᠯ ᠤᠨ ᠭᠢᠴᠡ ᠭᠡᠯᠪᠡᠷᠢ ᠨᠢ ᠴᠤ ᠠᠳᠠᠯᠢ ᠪᠤᠰᠤ ᠶᠢᠨ ᠭᠡᠷᠡᠭᠴᠡᠭᠡ ᠪᠡ ᠤᠷᠤᠨ ᠨᠤᠳᠤᠭ ᠤᠨᠤᠨᠴᠠᠯᠢᠭ ᠲᠤ | ᠰᠢᠯᠳᠠᠭᠠᠯᠠᠭᠳᠡᠵᠦ ᠠᠳᠠᠯᠢ ᠪᠤᠰᠤ ᠶᠢᠨ ᠨᠡᠷ᠎ᠡ ᠳᠠᠭᠤᠳᠠᠯᠭ᠎ᠠ ᠲᠠᠢ ᠤᠯᠠᠨ ᠶᠠᠩᠵᠦ ᠭᠡᠯᠪᠡᠷᠢ ᠲᠠᠢ ᠪᠤᠯᠤᠬᠰᠠᠠ ᠪᠠᠶᠢᠳᠠᠭ᠃ | ᠭᠡᠷᠡᠭᠴᠡᠭᠡᠨ ᠤ ᠳᠠᠯ᠎ᠠ ᠠᠴᠠ ᠦᠵᠡᠭᠦ ᠳᠤ ᠡᠩ ᠤᠨ ᠡᠮᠡᠭᠡᠯ᠂ ᠠᠪᠠ ᠭᠦᠷᠦᠭᠡᠨ ᠳᠤ ᠳᠤᠬᠤᠬᠤ ᠡᠮᠡᠭᠡᠯ᠂ ᠶᠠᠭᠤᠮ᠎ᠠ | ᠠᠴᠢᠬᠤ ᠡᠮᠡᠭᠡᠯ ︵ᠮᠤᠷᠢᠨ ᠵᠢᠩ︶᠂ ᠤᠷᠤᠯᠳᠤᠭᠠᠨ ᠮᠤᠷᠢᠨ ᠤ ᠡᠮᠡᠭᠡᠯ᠂ ᠭᠡᠤᠭᠡᠳ ᠤᠨ ᠡᠮᠡᠭᠡᠯ᠂ ᠪᠦᠰᠡᠭᠦ᠋ᠢᠴᠤᠳ ᠤᠨ | ᠡᠮᠡᠭᠡᠯ ᠭᠡᠵᠦ ᠪᠠᠶᠢᠳᠠᠭ᠃ ᠡᠨᠡ ᠨᠢ ᠬᠠᠷᠢᠴᠡᠩᠭᠤᠢ ᠳᠤᠷᠠᠳᠤᠭᠰᠠᠠ ᠳᠡᠳᠦᠢ ᠪᠤᠯᠬᠤ ᠠᠴᠠ ᠪᠢᠰᠢ ᠵᠡᠪᠡᠯ ᠳᠤᠭᠢᠷᠠᠭᠤᠯᠵᠦ | ᠡᠳ᠋ᠯᠡᠨ᠎ᠡ ᠭᠡᠰᠡᠡ ᠤᠴᠢᠷ ᠦᠭᠡᠢ᠃ ᠨᠤᠳᠤᠭ ᠤᠷᠤᠨ ᠤ ᠳᠠᠯ᠎ᠠ ᠠᠴᠠ ᠬᠠᠯᠬ᠎ᠠ ᠡᠮᠡᠭᠡᠯ᠂ ᠴᠠᠬᠠᠷ ᠡᠮᠡᠭᠡᠯ᠂ ᠠᠪᠠᠭ᠎ᠠ | ᠰᠦᠨᠢᠳ ᠡᠮᠡᠭᠡᠯ᠂ ᠦᠵᠦᠮᠦᠴᠢᠨ ᠡᠮᠡᠭᠡᠯ᠂ ᠬᠤᠷᠴᠢᠨ ᠡᠮᠡᠭᠡᠯ᠂ ᠪᠠᠷᠭᠤ ᠪᠤᠷᠢᠶᠡᠳ ᠡᠮᠡᠭᠡᠯ ᠭᠡᠵᠦ ᠭᠢᠴᠡ᠂ ᠪᠦᠭᠦᠷᠭᠡ ᠶᠢᠨ | ᠶᠠᠩᠵᠦ ᠭᠡᠯᠪᠡᠷᠢ ᠨᠢ ᠬᠤᠭᠤᠷᠤ ᠬᠤᠭᠤᠷᠤᠨᠳᠤ ᠪᠠᠨ ᠪᠠᠭ᠎ᠠ ᠢᠯᠭᠠᠭ᠎ᠠ ᠲᠠᠢ᠂ ᠦᠪᠡᠷ ᠦᠪᠡᠷ ᠤᠨ ᠤᠨᠴᠡᠯᠢᠬ ᠲᠠᠢ | ᠪᠠᠶᠢᠳᠠᠬ᠃ ᠭᠡᠪᠡᠴᠤ ᠡᠮᠡᠭᠡᠯ ᠤᠨ ᠳᠤᠨᠤᠭᠯᠠᠯ ᠨᠢ ᠦᠨᠳᠦᠰᠦᠨ ᠳᠡᠭᠡᠨ ᠠᠳᠠᠯᠢᠪᠳᠤᠷ ᠪᠠᠶᠢᠵᠦ᠂ ᠠᠰᠢᠬᠯᠠᠬᠰᠠᠠ | ᠮᠠᠲ᠋ᠧᠷᠢᠶᠠᠯ ᠨᠢ ᠵᠡᠷᠢᠮ ᠳᠤᠨᠤᠬᠯᠠᠯ ᠳᠡᠭᠡᠷ᠎ᠡ ᠪᠠᠨ ᠠᠳᠠᠯᠢ ᠪᠤᠰᠤ ᠪᠤᠶᠤ ᠢᠯᠡᠭᠦᠦ ᠳᠤᠳᠠᠭᠤ ᠶᠢᠨ ᠵᠦᠷᠢᠶᠡᠨ ᠭᠠᠷᠳᠠᠭ᠃ | ᠵᠢᠱᠢᠶᠡᠯᠡᠪᠡᠯ᠄ ᠴᠠᠬᠠᠷ ᠡᠮᠡᠭᠡᠯ ᠨᠢ ᠪᠤᠭᠤᠨᠢᠪᠳᠤᠷ ᠦᠷᠭᠡᠨ ᠪᠦᠭᠦᠷᠭᠡ᠂ ᠠᠭᠤᠵᠢᠮ ᠰᠠᠭᠤᠳᠠᠯ ᠲᠠᠢ᠂ ︽ᠳᠤᠯᠤᠨᠨᠠᠭᠤᠷ | ᠡᠮᠡᠭᠡᠯ︾ ︵ᠳᠤᠯᠤᠨ ᠨᠤᠤᠷ ᠰᠢᠶᠡᠨ ᠤ ᠡᠮᠡᠭᠡᠯ ᠤᠨ ᠦᠢᠯᠡᠳᠪᠦᠷᠢ ᠨᠢ ᠴᠢᠩ ᠤᠯᠤᠰ ᠤᠨ ᠦᠶ᠎ᠡ ᠠᠴᠠ ᠨᠡᠷᠡᠳᠡᠢ︶ | ᠭᠡᠳᠡᠭ᠃ ᠬᠤᠷᠴᠢᠨ ᠡᠮᠡᠭᠡᠯ ᠨᠢ ᠭᠤᠵᠤᠭᠤᠷ ᠪᠦᠭᠦᠷᠭᠡ᠂ ᠢᠪᠴᠤᠤ ᠰᠠᠭᠤᠳᠠᠯ ᠲᠠᠢ᠃ ᠡᠮᠤᠨ᠎ᠡ ᠪᠦᠭᠦᠷᠭᠡᠨᠢ ᠨᠠᠷᠢᠨ | ᠱᠤᠪᠤᠭᠤᠷ ᠴᠤ ᠬᠤᠶᠢᠳᠤ ᠪᠦᠭᠦᠷᠭᠡ ᠨᠢ ᠠᠭᠤᠵᠢᠮ ᠳᠤᠭᠤᠷᠢᠭ ᠭᠡᠯᠪᠡᠷᠢᠳᠡᠢ᠃ ᠰᠦᠨᠢᠳ ᠡᠮᠡᠭᠡᠯ ᠨᠢ ᠬᠠᠪᠳᠠᠭᠠᠢ | ᠳᠦᠷᠪᠡᠯᠵᠢᠨ ᠳᠠᠯᠪᠠᠭᠠᠷ ᠪᠦᠷᠭᠦᠭᠡ ︵ᠡᠷᠭᠢᠭᠦᠦ ᠬᠤᠩᠭᠤ ᠭᠡᠳᠡᠭ︶ ᠲᠠᠢ᠂ ᠰᠠᠭᠤᠳᠠᠯ ᠨᠢ ᠠᠭᠤᠵᠢᠮ᠂ ᠬᠤᠶᠢᠳᠤ | ᠪᠦᠭᠦᠷᠭᠡ ᠨᠢ ᠪᠠᠭ᠎ᠠ ᠨᠠᠯᠠᠤ ᠪᠦᠭᠡᠳ ᠮᠠᠳᠠᠷᠠᠬᠰᠠᠠ ᠭᠡᠯᠪᠡᠷᠢᠳᠡᠢ᠃ ᠠᠪᠠᠭ᠎ᠠ ᠠᠪᠠᠭ᠋ᠠᠨᠠᠷ ᠡᠮᠡᠭᠡᠯ ᠨᠢ ᠬᠤᠶᠠᠷ | ᠪᠦᠭᠦᠷᠭᠡ ᠨᠢ ᠬᠠᠪᠳᠠᠭᠠᠢ ᠳᠦᠷᠪᠡᠯᠵᠢᠨ ᠪᠤᠰᠤᠭ᠎ᠠ᠂ ᠴᠢᠬᠤᠯ ᠰᠠᠭᠤᠳᠠᠯ ᠲᠠᠢ᠃ ᠬᠠᠯᠳᠦ ᠬᠠᠷᠠᠬᠤ ᠳᠤ ᠬᠤᠶᠠᠷ | ᠪᠦᠭᠦᠷᠭᠡ ᠨᠢ ᠠᠳᠠᠯᠢᠪᠳᠤᠷ ᠪᠤᠯᠪᠠᠴᠤ ᠬᠤᠶᠢᠳᠤ ᠪᠦᠭᠦᠷᠭᠡ ᠨᠢ ᠠᠷᠤᠬᠰᠢ ᠪᠠᠨ ᠦᠯᠦ ᠮᠡᠳᠡᠭᠳᠡᠮ᠎ᠡ ᠨᠠᠯᠠᠤ ᠪᠤᠶᠤ | ᠪᠤᠭᠤᠨᠢ ᠪᠠᠶᠢᠳᠠᠬ᠃ ᠪᠤᠰᠤᠳ ᠭᠠᠵᠠᠷ ᠤᠨ ᠭᠦᠮᠦᠰ ︽ᠶᠤᠸᠠᠮᠪᠤᠤ ᠡᠮᠡᠭᠡᠯ︾ ᠴᠤ ᠭᠡᠯᠡᠳᠡᠭ᠃ ᠦᠵᠦᠮᠦᠴᠢᠨ | ᠬᠠᠭᠤᠴᠢᠳ ᠡᠮᠡᠭᠡᠯ ᠨᠢ ᠡᠮᠤᠨ᠎ᠡ ᠪᠦᠭᠦᠷᠭᠡ ᠨᠢ ᠠᠰ ᠱᠤᠪᠤᠭᠤᠷ᠂ ᠡᠮᠤᠨ᠎ᠡ ᠪᠦᠭᠦᠷᠭᠡ ᠶᠢᠨ ᠮᠠᠩᠨᠠᠢ ᠨᠢ ᠨᠡᠯᠢᠶᠡᠳ | ᠭᠦᠳᠦᠭᠦᠷ᠂ ᠰᠠᠭᠤᠳᠠᠯ ᠨᠢ ᠪᠤᠰᠤᠭ᠎ᠠ᠂ ᠬᠤᠶᠢᠳᠤ ᠪᠦᠭᠦᠷᠭᠡ ᠨᠢ ᠠᠷᠤᠬᠰᠢ ᠪᠠᠨ ᠪᠠᠭ᠎ᠠ ᠨᠠᠯᠠᠤ ᠠᠭᠤᠵᠢᠮ ᠳᠤᠭᠤᠷᠢᠬ | ᠬᠡᠯᠪᠡᠷᠢᠳᠡᠢ ᠪᠠᠶᠢᠳᠠᠬ᠃ |